ᠬᠡᠷᠡᠭᠯᠡᠭᠴᠢ ᠶ᠋ᠢᠨ ᠭᠡᠷᠡ ᠵᠢᠴᠢ ᠨᠢᠬ᠋ᠤᠴᠠ ᠬᠠᠮᠠᠭᠠᠯᠠᠬᠤ ᠲᠦᠷᠢᠮ
- ᠦᠪᠦᠷ ᠮᠤᠩᠭᠤᠯ ᠤᠨ ᠠᠨᠢᠰᠤ ᠰᠢᠨᠵᠢᠯᠡᠭᠡ ᠮᠡᠷᠭᠡᠵᠢᠯ ᠤᠨ ᠪᠡᠯᠡ ᠤᠷᠤᠭᠤᠯᠤᠯᠳᠠ ᠬᠢᠵᠠᠭᠠᠷᠲᠤ ᠺᠤᠮᠫᠠᠨᠢ ︵ ︽ ᠠᠨᠨᠢᠰᠤ ᠺᠤᠮᠫᠠᠨᠢ ︾ ᠭᠡᠵᠦ ᠳᠦᠬᠦᠮᠴᠢᠯᠡᠨᠡ ︶ ᠶ᠋ᠢᠨ ︽ ANDA Club ︾ ᠰᠤᠹᠲ ᠤᠨ ᠡᠷᠬᠢᠮ ᠬᠡᠷᠡᠭᠯᠡᠭᠴᠢ ᠲᠠ ᠰᠠᠶᠢᠨ ᠪᠠᠶᠢᠨᠠ ᠤᠣ ︕ ︽ ANDA Club ︾ ᠡᠴᠡ ᠰᠠᠨᠠᠭᠤᠯᠬᠤ ᠨᠢ ᠂ ︽ ANDA Club ︾ ᠬᠡᠷᠡᠭᠯᠡᠬᠦ ᠡᠴᠠ ᠡᠮᠦᠨᠡ ᠲᠠ ᠡᠷᠬᠡᠪᠰᠢ ︽ ᠬᠡᠷᠡᠭᠯᠡᠭᠴᠢ ᠶ᠋ᠢᠨ ᠭᠡᠷᠡ ︾ ︵ ᠲᠤᠰ ᠭᠡᠷᠡ ᠭᠡᠵᠦ ᠳᠦᠬᠦᠮᠴᠢᠯᠡᠨᠡ ︶ ᠶ᠋ᠢ ᠬᠢᠨᠠᠮᠠᠭᠠᠢ ᠤᠩᠰᠢᠵᠤ ᠪᠦᠷᠢᠮᠦᠰᠦᠨ ᠣᠶᠢᠯᠭᠠᠭᠰᠠᠨ ᠰᠠᠭᠤᠷᠢᠨ ᠳᠡᠭᠡᠷᠡ ᠵᠦᠪᠰᠢᠶᠡᠷᠡᠬᠦ ᠡᠰᠡᠬᠦ ᠪᠠᠨ ᠲᠤᠭᠲᠠᠭᠠᠷᠠᠢ ᠃ ᠲᠠ ᠲᠤᠰ ᠭᠡᠷᠡ ᠶ᠋ᠢᠨ ᠵᠢᠭᠠᠯᠲᠠ ᠤᠳ ᠢ ᠵᠦᠪᠰᠢᠶᠡᠷᠡᠭᠰᠡᠨ ᠳᠤᠬᠢᠶᠠᠯᠳᠤᠯ ᠳ᠋ᠤ ᠳᠠᠩᠰᠠᠯᠠᠭᠤᠯᠬᠤ ᠂ ᠨᠡᠪᠲᠡᠷᠡᠬᠦ ᠪᠤᠶᠤ ᠲᠤᠰ ᠭᠡᠷᠡ ᠳ᠋ᠤ ᠲᠤᠭᠳᠠᠭᠠᠭᠰᠠᠨ ᠦᠢᠯᠡᠴᠢᠯᠡᠭᠡ ᠶ᠋ᠢ ᠬᠦᠷᠲᠡᠬᠦ ᠡᠷᠬᠡ ᠲᠠᠢ ᠪᠤᠯᠤᠨᠠ ᠃ ᠲᠠᠨ ᠤ ᠳᠠᠩᠰᠠᠯᠠᠭᠤᠯᠬᠤ ᠪᠤᠯᠤᠨ ᠨᠡᠪᠲᠡᠷᠡᠬᠦ ᠠᠵᠢᠯᠯᠠᠭᠠ ᠶ᠋ᠢ ᠪᠢᠳᠡ ᠪᠦᠷ ᠲᠤᠰ ᠭᠡᠷᠡ ᠶ᠋ᠢ ᠵᠦᠪᠰᠢᠶᠡᠷᠡᠭᠰᠡᠨ ᠳ᠋ᠤ ᠲᠤᠭᠠᠴᠠᠨᠠ ᠃ ᠬᠡᠷᠪᠡ ᠲᠠ ᠨᠠᠰᠤᠨ ᠳ᠋ᠤ ᠦᠯᠦ ᠬᠦᠷᠦᠭᠰᠡᠳ ᠪᠣᠯ ᠬᠠᠤᠯᠢ ᠪᠠᠷ ᠲᠤᠭᠳᠠᠭᠠᠭᠰᠠᠨ ᠬᠢᠨᠠᠨ ᠬᠠᠮᠠᠭᠠᠯᠠᠭᠴᠢ ᠶ᠋ᠢᠨ ᠢᠶᠡᠨ ᠳᠠᠭᠠᠭᠤᠯᠭᠠ ᠳᠤᠤᠷᠠ ᠲᠣᠰ ᠭᠡᠷᠡ ᠶ᠋ᠢ ᠤᠩᠰᠢᠬᠤ ᠶ᠋ᠢᠨ ᠬᠠᠮᠲᠤ ᠣᠨᠴᠠᠭᠠᠶ᠋ᠢᠯᠠᠨ ᠨᠠᠰᠤᠨ ᠳ᠋ᠤ ᠦᠯᠦ ᠬᠦᠷᠦᠭᠰᠡᠳ ᠤᠨ ᠬᠡᠷᠡᠭᠯᠡᠬᠦ ᠲᠤᠳᠤᠷᠬᠠᠶ᠋ᠢᠯᠠᠯᠲᠠ ᠶ᠋ᠢᠨ ᠵᠤᠷᠪᠤᠰ ᠢ ᠠᠩᠬᠠᠷᠬᠤ ᠬᠡᠷᠡᠭᠲᠡᠢ ᠃
- ᠲᠤᠰ ᠭᠡᠷᠡ ᠪᠣᠯ ᠲᠠ ᠪᠤᠯᠤᠨ ᠠᠨᠢᠰᠤ ᠺᠤᠮᠫᠠᠨᠢ ᠶ᠋ᠢᠨ ᠬᠤᠭᠤᠷᠤᠨᠳᠤᠬᠢ ᠲᠠᠨ ᠤ ︽ ANDA Club ︾ ᠢ ᠪᠠᠭᠤᠯᠭᠠᠬᠤ ᠂ ᠤᠭᠰᠠᠷᠠᠬᠤ ᠂ ᠬᠡᠷᠡᠭᠯᠡᠬᠦ ᠵᠢᠴᠢ ᠠᠨᠢᠰᠤ ᠺᠤᠮᠫᠠᠨᠢ ᠶ᠋ᠢᠨ ᠪᠤᠰᠤᠳ ᠦᠢᠯᠡᠴᠢᠯᠡᠭᠡ ᠶ᠋ᠢ ᠬᠦᠷᠲᠡᠬᠦ ᠳ᠋ᠤ ᠵᠤᠷᠢᠭᠤᠯᠵᠤ ᠲᠤᠭᠳᠠᠭᠠᠭᠰᠠᠨ ᠭᠡᠷᠡ ᠪᠤᠯᠤᠨᠠ ᠃
- 1. ᠦᠢᠯᠡᠴᠢᠯᠡᠭᠡᠨ ᠤ ᠲᠤᠬᠠᠢ
- 1.1 ᠲᠤᠰ ᠦᠢᠯᠡᠴᠢᠯᠡᠬᠡᠨ ᠤ ᠠᠭᠤᠯᠭᠠ
- ︽ ANDA Club ︾ ᠪᠣᠯ ᠠᠨᠢᠰᠤ ᠺᠤᠮᠫᠠᠨᠢ ᠡᠴᠠ ᠮᠤᠩᠭᠤᠯ ᠳᠠᠭᠤᠤ ᠤᠷᠠᠯᠢᠭ ᠳᠦ ᠪᠠᠬᠠᠲᠠᠢ ᠬᠦᠮᠦᠰ ᠲᠦ ᠵᠤᠷᠢᠭᠤᠯᠵᠣ ᠪᠦᠲᠦᠭᠡᠭᠰᠡᠨ ᠭᠠᠷ ᠤᠲᠠᠰᠤᠨ ᠤ ᠮᠤᠩᠭᠤᠯ ᠳᠠᠭᠤᠤ ᠲᠤᠭᠯᠠᠭᠤᠯᠤᠭᠴᠢ ᠰᠤᠹᠲ ᠪᠤᠯᠤᠨᠠ ᠃ ᠡᠨᠡ ᠨᠢ ᠳᠠᠬᠤᠤ ᠳᠠᠭᠤᠯᠠᠬᠤ᠂ ᠳᠠᠭᠤᠤ ᠣᠷᠠᠨ ᠪᠦᠲᠦᠭᠡᠯ ᠰᠤᠨᠤᠰᠬᠤ ᠂ ᠳᠠᠭᠤᠤ ᠣᠷᠠᠨ ᠪᠦᠲᠦᠭᠡᠯ ᠤᠨ ᠳᠦᠷᠰᠦ ᠪᠢᠴᠢᠯᠭᠡ ᠂ ᠵᠢᠷᠤᠭ ᠰᠡᠭᠦᠳᠡᠷ ᠂ ᠳᠠᠭᠤᠤ ᠶ᠋ᠢᠨ ᠦᠭᠡ ᠵᠡᠷᠭᠡ ᠶ᠋ᠢ ᠥᠵᠡᠵᠦ ᠪᠤᠯᠬᠤ ᠦᠢᠯᠡᠴᠢᠯᠡᠬᠡᠨ ᠤ ᠴᠢᠳᠠᠮᠵᠢ ᠪᠤᠶᠤ ᠠᠭᠤᠯᠭᠠ ᠶ᠋ᠢ ᠬᠠᠩᠭᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠬᠡᠢ ᠃
- 1.2 ᠲᠤᠰ ᠦᠢᠯᠡᠴᠢᠯᠡᠭᠡᠨ ᠤ ᠬᠡᠯᠪᠡᠷᠢ
- 1.2.1 ᠲᠠ ᠲᠤᠰ ᠦᠢᠯᠡᠴᠢᠯᠡᠬᠡ ᠶ᠋ᠢ ᠬᠦᠷᠲᠡᠬᠦ ᠭᠡᠪᠡᠯ ᠡᠷᠬᠡᠪᠰᠢ ︽ ANDA Club ︾ ᠢ ᠭᠠᠷ ᠤᠲᠠᠰᠤᠨ ᠳ᠋ᠠᠭᠠᠨ ᠰᠠᠭᠤᠯᠭᠠᠬᠤ ᠬᠡᠷᠡᠭᠲᠡᠢ ᠃
- 1.2.2 ᠲᠤᠰ ᠦᠢᠯᠡᠴᠢᠯᠡᠭᠡᠨ ᠳ᠋ᠤ ᠠᠨᠢᠰᠤ ᠺᠤᠮᠫᠠᠨᠢ ᠡᠴᠠ ︽ ANDA Club ︾ ᠤᠨ ios ᠬᠡᠪ ᠂ Android ᠬᠡᠪ ᠢ ᠬᠠᠩᠭᠠᠨᠠ ᠃
- 1.3 ᠲᠤᠰ ᠦᠢᠯᠡᠴᠢᠯᠡᠭᠡᠨ ᠤ ᠬᠠᠮᠣᠷᠬᠣ ᠬᠦᠷᠢᠶᠡ
- 1.3.1 ᠠᠨᠢᠰᠤ ᠺᠣᠮᠫᠠᠨᠢ ᠬᠡᠷᠡᠭᠯᠡᠭᠴᠢ ᠳ᠋ᠦ ᠨᠢᠭᠡ ᠬᠣᠪᠢ ᠬᠦᠮᠦᠨ ᠤ ᠂ ᠰᠢᠯᠵᠢᠭᠦᠯᠵᠦ ᠪᠣᠯᠣᠰᠢ ᠦᠭᠡᠢ ᠳᠠᠩᠰᠠᠨ ᠳ᠋ᠣᠭᠠᠷ ᠣᠯᠭᠣᠨᠠ ᠃
- 1.3.2 ᠬᠡᠷᠡᠭᠯᠡᠭᠴᠢ ANDA Club ᠵᠢᠴᠢ ᠦᠢᠯᠡᠴᠢᠯᠡᠭᠡ ᠶ᠋ᠢ ᠬᠡᠷᠡᠭᠯᠡᠬᠦ ᠵᠣᠷᠢᠯᠭᠠ ᠪᠠᠷ ANDA Club ᠢ ᠬᠠᠭᠣᠯᠵᠣ ᠪᠣᠯᠣᠨᠠ ᠂ ᠬᠠᠭᠣᠯᠪᠣᠷᠢ ᠨᠢ ᠡᠷᠬᠡᠪᠰᠢ ᠣᠭ ᠰᠣᠹᠲ ᠶ᠋ᠢᠨ ᠠᠯᠢᠪᠠ ᠵᠣᠬᠢᠶᠠᠭᠴᠢ ᠶ᠋ᠢᠨ ᠡᠷᠬᠡ ᠶ᠋ᠢᠨ ᠮᠡᠳᠡᠭᠡ ᠵᠠᠩᠭᠢ ᠶ᠋ᠢ ᠠᠭᠣᠯᠣᠭᠰᠠᠨ ᠪᠠᠶᠢᠬᠣ ᠬᠡᠷᠡᠭᠲᠡᠢ ᠃
- 1.3.3 ᠲᠤᠰ ᠵᠤᠷᠪᠤᠰ ᠪᠤᠯᠤᠨ ᠲᠤᠰ ᠭᠡᠷᠡ ᠶ᠋ᠢᠨ ᠪᠤᠰᠤᠳ ᠳᠤᠲᠤᠷᠬᠠᠶ᠋ᠢᠯᠠᠯᠲᠠ ᠳ᠋ᠤ ᠲᠣᠳᠤᠷᠬᠠᠢ ᠡᠷᠬᠡᠵᠢᠬᠦᠯᠦᠭᠰᠡᠨ ᠦᠭᠡᠢ ᠠᠯᠢᠪᠠ ᠡᠷᠬᠡ ᠨᠢ ᠠᠨᠢᠰᠤ ᠺᠤᠮᠫᠠᠨᠢ ᠳ᠋ᠤ ᠬᠠᠷᠢᠶᠠᠯᠠᠭᠳᠠᠵᠤ ᠂ ᠲᠠ ᠡᠳᠡᠭᠡᠷ ᠡᠷᠬᠡ ᠶ᠋ᠢ ᠬᠡᠷᠡᠭᠵᠢᠬᠦᠯᠬᠦ ᠦᠶᠡᠰ ᠂ ᠠᠨᠢᠰᠤ ᠺᠤᠮᠫᠠᠨᠢ ᠶ᠋ᠢᠨ ᠵᠦᠪᠰᠢᠶᠡᠷᠡᠯ ᠢ ᠣᠯᠤᠭᠰᠠᠨ ᠪᠠᠶ᠋ᠢᠬᠤ ᠬᠡᠷᠡᠭᠲᠡᠢ ᠃
- 2. ︽ ANDA Club ︾ ᠢ ᠲᠠᠲᠠᠬᠤ
- 2.1 ᠲᠠ ᠭᠠᠷ ᠤᠲᠠᠰᠤᠨ ᠤ ᠪᠠᠨ ᠰᠤᠹᠲ ᠲᠠᠲᠠᠬᠤ ᠬᠤᠳᠠᠯᠳᠤᠭᠠᠨ ᠳ᠋ᠤ ᠤᠷᠤᠵᠤ ︽ ANDA Club︾ ᠶ᠋ᠢ ᠲᠠᠲᠠᠭᠠᠷᠠᠢ ᠃
- 2.2 ᠬᠡᠷᠪᠡ ᠲᠠ ᠠᠨᠢᠰᠤ ᠺᠤᠮᠫᠠᠨᠢ ᠡᠴᠠ ᠡᠷᠬᠡ ᠤᠯᠭᠤᠭᠰᠠᠨ ᠦᠭᠡᠢ ᠭᠤᠷᠪᠠᠳᠠᠭᠴᠢ ᠲᠠᠯᠠ ᠡᠴᠠ ANDA Club ᠰᠤᠹᠲ ᠢ ᠲᠠᠲᠠᠪᠠᠯ ᠂ ᠠᠨᠢᠰᠤ ᠺᠤᠮᠫᠠᠨᠢ ᠲᠠᠨ ᠤ ᠲᠠᠲᠠᠭᠰᠠᠨ ᠰᠤᠹᠲ ᠶ᠋ᠢᠨ ᠬᠡᠪ ᠢᠶᠠᠷ ᠬᠡᠷᠡᠭᠯᠡᠭᠳᠡᠬᠦ ᠡᠰᠡᠬᠦ ᠶ᠋ᠢ ᠪᠠᠲᠤᠯᠠᠵᠤ ᠴᠢᠳᠠᠬᠤ ᠦᠬᠡᠢ ᠂ ᠡᠭᠦᠨ ᠡᠴᠠ ᠪᠣᠯᠵᠤ ᠡᠭᠦᠰᠬᠦ ᠬᠣᠬᠢᠷᠠᠯ ᠳ᠋ᠤ ᠬᠠᠷᠢᠭᠤᠴᠠᠯᠭᠠ ᠡᠭᠦᠷᠭᠡᠯᠡᠬᠦ ᠦᠭᠡᠢ ᠃
- 3. ︽ ANDA Club ︾ ᠶ᠋ᠢ ᠰᠠᠭᠤᠯᠭᠠᠬᠤ
- ᠠᠨᠢᠰᠤ ᠺᠤᠮᠫᠠᠨᠢ ᠡᠴᠠ ᠠᠳᠠᠯᠢ ᠪᠤᠰᠤ ᠭᠠᠷ ᠤᠲᠠᠰᠤᠨ ᠳ᠋ᠤ ᠠᠳᠠᠯᠢ ᠪᠤᠰᠤ ᠰᠣᠹᠲ ᠶ᠋ᠢᠨ ᠬᠡᠪ ᠨᠡᠭᠡᠭᠡᠵᠦ ᠂ ᠲᠠ ᠦᠪᠡᠷ ᠤᠨ ᠪᠤᠳᠠᠳᠠᠢ ᠪᠠᠶ᠋ᠢᠳᠠᠯ ᠢᠶᠡᠨ ᠦᠨᠳᠦᠰᠦᠯᠡᠵᠦ ᠲᠤᠬᠢᠷᠠᠮᠵᠢᠲᠠᠢ ᠬᠡᠪ ᠢ ᠰᠠᠭᠤᠯᠭᠠᠭᠠᠷᠠᠢ ᠃
- 4. ᠰᠤᠹᠲ ᠶ᠋ᠢᠨ ᠰᠢᠨᠡᠴᠢᠯᠡᠯᠲᠡ
- 4.1 ᠬᠡᠷᠡᠭᠯᠡᠭᠴᠢᠳ ᠤᠨ ᠬᠡᠷᠡᠭᠯᠡᠭᠡ ᠶ᠋ᠢ ᠰᠠᠶ᠋ᠢᠵᠢᠷᠠᠭᠤᠯᠵᠤ ᠂ ᠦᠢᠯᠡᠴᠢᠯᠡᠭᠡᠨ ᠤ ᠠᠭᠤᠯᠭᠠ ᠪᠠᠨ ᠪᠠᠶᠠᠵᠢᠭᠤᠯᠬᠤ ᠶ᠋ᠢᠨ ᠲᠦᠯᠦᠭᠡ ᠠᠨᠢᠰᠤ ᠺᠤᠮᠫᠠᠨᠢ ᠲᠠᠰᠤᠷᠠᠯᠲᠠ ᠦᠭᠡᠢ ᠴᠢᠷᠮᠠᠶ᠋ᠢᠬᠤ ᠶ᠋ᠢᠨ ᠬᠠᠮᠲᠤ ᠦᠷᠭᠦᠯᠵᠢ ᠰᠤᠹᠲ ᠢ ᠰᠢᠨᠡᠴᠢᠯᠡᠬᠦ ᠦᠢᠯᠡᠴᠢᠯᠡᠭᠡ ︵ ᠠᠠᠯᠳᠠᠭᠠ ᠢ ᠵᠠᠰᠠᠬᠤ ᠂ ᠴᠢᠳᠠᠮᠵᠢ ᠶ᠋ᠢ ᠴᠢᠩᠭᠠᠳᠬᠠᠬᠤ ᠂ ᠰᠢᠨᠡ ᠴᠢᠳᠠᠮᠵᠢ ᠨᠡᠮᠡᠬᠦ ᠵᠡᠷᠭᠡ ︶ ᠬᠠᠩᠭᠠᠨᠠ ᠃
- 4.2 ︽ ANDA Club︾ ᠵᠢᠴᠢ ᠦᠢᠯᠡᠴᠢᠯᠡᠬᠡ ᠶ᠋ᠢᠨ ᠠᠮᠤᠷ ᠲᠦᠪᠰᠢᠨ ᠴᠢᠨᠠᠷ ᠪᠤᠯᠤᠨ ᠴᠢᠳᠠᠮᠵᠢ ᠶ᠋ᠢᠨ ᠨᠢᠭᠡᠳᠦᠮᠡᠯ ᠴᠢᠨᠠᠷ ᠢ ᠪᠠᠲᠤᠯᠠᠬᠤ ᠶ᠋ᠢᠨ ᠲᠦᠯᠦᠭᠡ ᠂ ᠠᠨᠢᠰᠤ ᠺᠤᠮᠫᠠᠨᠢ ᠲᠠᠨ ᠳ᠋ᠤ ᠲᠤᠰᠬᠠᠢ ᠮᠡᠳᠡᠭᠳᠡᠬᠦ ᠦᠭᠡᠢ ᠪᠠᠷ ᠰᠤᠹᠲ ᠳ᠋ᠤ ᠰᠢᠨᠡᠴᠢᠯᠡᠯᠲᠡ ᠬᠢᠬᠦ ᠪᠤᠶᠤ ᠬᠡᠰᠡᠭ ᠴᠢᠳᠠᠮᠵᠢ ᠶ᠋ᠢ ᠬᠤᠪᠢᠷᠠᠭᠤᠯᠬᠤ ᠂ ᠬᠢᠵᠠᠭᠠᠷᠯᠠᠬᠤ ᠡᠷᠬᠡ ᠲᠠᠢ ᠃
- 4.3 ︽ ANDA Club︾ ᠤᠨ ᠰᠢᠨᠡ ᠬᠡᠪ ᠨᠡᠶ᠋ᠢᠲᠡᠯᠡᠭᠳᠡᠭᠰᠡᠨ ᠤ ᠳᠠᠷᠠᠭᠠ ᠂ ᠬᠠᠭᠤᠴᠢᠨ ᠬᠡᠪ ᠢ ᠬᠡᠷᠡᠭᠯᠡᠵᠦ ᠳᠡᠶ᠋ᠢᠯᠬᠦ ᠦᠭᠡᠢ ᠪᠣᠯᠬᠤ ᠪᠤᠯᠤᠮᠵᠢ ᠲᠠᠢ ᠃ ᠠᠨᠢᠰᠤ ᠺᠤᠮᠫᠠᠨᠢ ᠡᠴᠠ ︽ ANDA Club ︾ ᠤᠨ ᠬᠠᠭᠤᠴᠢᠨ ᠬᠡᠪ ᠢ ᠦᠷᠬᠦᠯᠵᠢᠯᠡᠨ ᠬᠡᠷᠡᠭᠯᠡᠵᠦ ᠳᠡᠶ᠋ᠢᠯᠬᠦ ᠵᠢᠴᠢ ᠬᠠᠷᠠᠭᠠᠯᠵᠠᠭᠰᠠᠨ ᠦᠢᠯᠡᠴᠢᠯᠡᠭᠡ ᠬᠠᠩᠭᠠᠬᠤ ᠶ᠋ᠢ ᠪᠠᠲᠤᠯᠠᠵᠤ ᠳᠡᠶ᠋ᠢᠯᠬᠦ ᠦᠭᠡᠢ ᠃ ᠲᠠ ᠴᠠᠭ ᠢᠮᠠᠭᠲᠠ ᠠᠩᠬᠠᠷᠴᠤ ᠂ ᠰᠢᠨᠡ ᠬᠡᠪ ᠨᠡᠶ᠋ᠢᠲᠡᠯᠡᠭᠳᠡᠪᠡᠯ ᠳᠠᠷᠣᠶᠢᠬᠠᠨ ᠲᠠᠲᠠᠵᠦ ᠠᠪᠤᠭᠠᠷᠠᠢ ᠃
- 5. ᠬᠡᠷᠡᠭᠯᠡᠭᠴᠢᠳ ᠤᠨ ᠬᠤᠪᠢ ᠶ᠋ᠢᠨ ᠮᠡᠳᠡᠭᠡ ᠵᠠᠩᠭᠢ ᠶ᠋ᠢᠨ ᠬᠠᠮᠠᠭᠠᠯᠠᠯᠲᠠ
- 5.1 ᠬᠡᠷᠡᠭᠯᠡᠭᠴᠢᠳ ᠤᠨ ᠬᠤᠪᠢ ᠶ᠋ᠢᠨ ᠮᠡᠳᠡᠭᠡ ᠵᠠᠩᠭᠢ ᠶ᠋ᠢ ᠬᠠᠮᠠᠭᠠᠯᠠᠬᠤ ᠪᠣᠯ ᠠᠨᠢᠰᠤ ᠺᠤᠮᠫᠠᠨᠢ ᠶ᠋ᠢᠨ ᠦᠨᠳᠦᠰᠦᠨ ᠵᠠᠷᠴᠢᠮ ᠪᠤᠯᠤᠨᠠ ᠃ ᠠᠨᠢᠰᠤ ᠺᠤᠮᠫᠠᠨᠢ ᠡᠴᠠ ᠵᠤᠬᠢᠰᠲᠠᠢ ᠠᠷᠭᠠ ᠬᠡᠮᠵᠢᠶᠡ ᠠᠪᠴᠤ ᠬᠡᠷᠡᠭᠯᠡᠭᠴᠢᠳ ᠤᠨ ᠬᠤᠪᠢ ᠶ᠋ᠢᠨ ᠮᠡᠳᠡᠭᠡ ᠵᠠᠩᠭᠢ ᠶ᠋ᠢ ᠬᠠᠮᠠᠭᠠᠯᠠᠨᠠ ᠃ ᠬᠠᠤᠯᠢ ᠴᠠᠭᠠᠵᠠ ᠳᠦᠷᠢᠮ ᠲᠤᠭᠳᠠᠭᠠᠯ ᠳ᠋ᠤ ᠲᠤᠭᠳᠠᠭᠠᠭᠰᠠᠨ ᠪᠠᠶ᠋ᠢᠳᠠᠯ ᠡᠴᠠ ᠭᠠᠳᠠᠨᠠ ᠂ ᠠᠨᠢᠰᠤ ᠺᠤᠮᠫᠠᠨᠢ ᠬᠡᠷᠡᠭᠯᠡᠭᠴᠢᠳ ᠤᠨ ᠵᠦᠪᠰᠢᠶᠡᠷᠡᠯ ᠦᠭᠡᠢ ᠪᠠᠷ ᠭᠤᠷᠪᠠᠳᠠᠭᠴᠢ ᠲᠠᠯᠠ ᠳ᠋ᠤ ᠬᠡᠷᠡᠭᠯᠡᠭᠴᠢᠳ ᠤᠨ ᠬᠤᠪᠢ ᠶ᠋ᠢᠨ ᠮᠡᠳᠡᠭᠡ ᠵᠠᠩᠭᠢ ᠶ᠋ᠢ ᠵᠠᠳᠠᠷᠠᠭᠤᠯᠬᠤ ᠦᠬᠡᠢ ᠃ ᠠᠨᠢᠰᠤ ᠺᠤᠮᠫᠠᠨᠢ ᠡᠴᠠ ᠬᠤᠯᠪᠤᠭᠳᠠᠯ ᠪᠦᠬᠦᠢ ᠮᠡᠳᠡᠭᠡ ᠵᠠᠩᠭᠢ ᠶ᠋ᠢ ᠲᠤᠰᠬᠠᠢ ᠨᠢᠭᠤᠴᠠᠯᠠᠬᠤ ᠠᠷᠭᠠ ᠪᠠᠷ ᠬᠠᠳᠠᠭᠠᠯᠠᠵᠤ ᠂ ᠬᠡᠷᠡᠭᠯᠡᠭᠴᠢᠳ ᠤᠨ ᠮᠡᠳᠡᠭᠡ ᠵᠠᠩᠭᠢ ᠶ᠋ᠢᠨ ᠠᠶᠣᠯᠭᠦᠢ ᠶ᠋ᠢ ᠪᠠᠲᠤᠯᠠᠨᠠ ᠃
- 5.2 ᠲᠠ ANDA Club ᠲᠤ ᠳ᠋ᠤᠭᠠᠷ ᠳᠠᠩᠰᠠᠯᠠᠭᠤᠯᠬᠤ ᠪᠤᠶᠤ ANDA Club ᠢᠶᠠᠷ ᠦᠢᠯᠡᠴᠢᠯᠡᠭᠦᠯᠬᠦ ᠬᠤᠭᠤᠴᠠᠭᠠᠨ ᠳ᠋ᠤ ᠂ ᠵᠠᠷᠢᠮ ᠡᠷᠬᠡᠪᠰᠢ ᠱᠠᠭᠠᠷᠳᠠᠭᠳᠠᠬᠤ ᠮᠡᠳᠡᠭᠡ ᠵᠠᠩᠭᠢ ᠶ᠋ᠢ ᠬᠠᠩᠭᠠᠬᠤ ᠬᠡᠷᠡᠭᠲᠡᠢ ᠃ ᠲᠤᠬᠠᠶᠢᠯᠠᠪᠠᠯ ᠂ ᠤᠲᠠᠰᠤᠨ ᠳ᠋ᠤᠭᠠᠷ ᠢᠶᠠᠷ ᠳᠠᠩᠰᠠᠯᠠᠭᠤᠯᠬᠤ ᠶ᠋ᠢ ᠵᠦᠪᠰᠢᠶᠡᠷᠡᠬᠦ ᠬᠡᠷᠡᠭᠲᠡᠢ ᠃ ᠤᠯᠤᠰ ᠤᠨ ᠬᠠᠤᠯᠢ ᠴᠠᠭᠠᠵᠠ ᠳᠦᠷᠢᠮ ᠲᠤᠭᠳᠠᠭᠠᠯ ᠪᠤᠶᠤ ᠲᠦᠷᠥ ᠶ᠋ᠢᠨ ᠪᠣᠳᠤᠯᠭᠠ ᠳ᠋ᠤ ᠤᠨᠴᠠᠭᠠᠢ ᠲᠤᠭᠳᠠᠭᠠᠭᠰᠠᠨ ᠪᠠᠶ᠋ᠢᠪᠠᠯ ᠂ ᠦᠨᠡᠨ ᠪᠤᠳᠠᠳᠠᠢ ᠪᠡᠶᠡ ᠶ᠋ᠢᠨ ᠮᠡᠳᠡᠭᠡ ᠵᠠᠩᠭᠢ ᠪᠠᠨ ᠬᠠᠩᠭᠠᠬᠤ ᠬᠡᠷᠡᠭᠲᠡᠢ ᠃ ᠬᠡᠷᠪᠡ ᠲᠠᠨ ᠤ ᠬᠠᠩᠭᠠᠭᠰᠠᠨ ᠮᠡᠳᠡᠭᠡ ᠵᠠᠩᠭᠢ ᠪᠦᠷᠢᠨ ᠪᠦᠲᠦᠨ ᠪᠢᠰᠢ ᠪᠣᠯ ᠂ ᠲᠤᠰ ᠦᠢᠯᠡᠴᠢᠯᠡᠭᠡ ᠶ᠋ᠢ ᠬᠦᠷᠲᠡᠬᠦ ᠡᠷᠬᠡ ᠦᠭᠡᠢ ᠪᠤᠶᠤ ᠬᠡᠷᠡᠭᠯᠡᠬᠦ ᠶᠠᠪᠤᠴᠠ ᠳᠤᠮᠳᠠ ᠬᠤᠯᠪᠤᠭᠳᠠᠯ ᠪᠦᠬᠦᠢ ᠴᠢᠳᠠᠮᠵᠢ ᠶ᠋ᠢ ᠬᠡᠷᠡᠭᠯᠡᠵᠦ ᠴᠢᠳᠠᠬᠤ ᠦᠭᠡᠢ ᠃
- 5.3 ᠣᠯᠠᠩᠬᠢ ᠪᠠᠶ᠋ᠢᠳᠠᠯ ᠳ᠋ᠤ ᠂ ᠲᠠ ᠲᠤᠰᠢᠶᠠᠭᠰᠠᠨ ᠮᠡᠳᠡᠭᠡ ᠵᠠᠩᠭᠢ ᠪᠠᠨ ᠦᠵᠡᠬᠦ ᠪᠤᠶᠤ ᠵᠠᠰᠠᠵᠤ ᠪᠦᠷ ᠪᠤᠯᠤᠨᠠ ᠃ ᠭᠡᠪᠡᠴᠦ ᠠᠮᠤᠷ ᠲᠦᠪᠰᠢᠨ ᠢ ᠪᠤᠳᠤᠯᠬᠢᠯᠠᠵᠤ ᠂ ᠠᠩᠬᠠ ᠳᠠᠩᠰᠠᠯᠠᠭᠤᠯᠬᠤ ᠦᠶᠡᠰ ᠬᠠᠩᠭᠠᠭᠰᠠᠨ ᠮᠡᠳᠡᠭᠡ ᠵᠠᠩᠭᠢ ᠵᠢᠴᠢ ᠪᠤᠰᠤᠳ ᠰᠢᠯᠭᠠᠨ ᠪᠠᠲᠤᠯᠠᠬᠤ ᠮᠡᠳᠡᠭᠡ ᠵᠠᠩᠭᠢ ᠶ᠋ᠢ ᠵᠠᠰᠠᠵᠤ ᠳᠡᠶ᠋ᠢᠯᠬᠦ ᠦᠭᠡᠢ ᠃
- 5.4 ᠠᠨᠢᠰᠤ ᠺᠤᠮᠫᠠᠨᠢ ᠡᠴᠠ ᠡᠯᠡ ᠲᠦᠷᠦᠯ ᠤᠨ ᠠᠮᠤᠷ ᠲᠦᠪᠰᠢᠨ ᠤ ᠮᠡᠷᠭᠡᠵᠢᠯ ᠪᠤᠯᠤᠨ ᠫᠷᠤᠭᠷᠠᠮ ᠢ ᠠᠰᠢᠭᠯᠠᠵᠤ ᠲᠠᠨ ᠤ ᠬᠤᠪᠢ ᠶ᠋ᠢᠨ ᠮᠡᠳᠡᠭᠡ ᠵᠠᠩᠭᠢ ᠶ᠋ᠢ ᠬᠠᠮᠠᠭᠠᠯᠠᠨᠠ ᠃
- 5.5 ᠠᠨᠢᠰᠤ ᠺᠤᠮᠫᠠᠨᠢ ᠲᠠᠨ ᠤ ᠵᠦᠪᠰᠢᠶᠡᠷᠡᠯ ᠦᠬᠡᠢ ᠪᠠᠷ ᠶᠠᠮᠠᠷᠪᠠ ᠺᠤᠮᠫᠠᠨᠢ ᠂ ᠵᠤᠬᠢᠶᠠᠨ ᠪᠠᠶ᠋ᠢᠭᠤᠯᠤᠯᠲᠠ ᠂ ᠬᠤᠪᠢ ᠬᠦᠮᠦᠨ ᠳ᠋ᠤ ᠲᠠᠨ ᠤ ᠬᠤᠪᠢ ᠶ᠋ᠢᠨ ᠮᠡᠳᠡᠭᠡ ᠵᠠᠩᠭᠢ ᠶ᠋ᠢ ᠵᠠᠳᠠᠷᠠᠭᠤᠯᠬᠤ ᠦᠬᠡᠢ ︵ ᠬᠠᠤᠯᠢ ᠴᠠᠭᠠᠵᠠ ᠂ ᠳᠦᠷᠢᠮ ᠲᠤᠭᠳᠠᠭᠠᠯ ᠳ᠋ᠤ ᠲᠣᠭᠳᠠᠭᠠᠭᠰᠠᠨ ᠡᠴᠠ ᠪᠤᠰᠤᠳ ︶ ᠃
- 5.6 ᠠᠨᠢᠰᠤ ᠺᠤᠮᠫᠠᠨᠢ ᠨᠠᠰᠤᠨ ᠳ᠋ᠤ ᠦᠯᠦ ᠬᠦᠷᠦᠭᠰᠡᠳ ᠤᠨ ᠬᠤᠪᠢ ᠶ᠋ᠢᠨ ᠮᠡᠳᠡᠭᠡ ᠵᠠᠩᠭᠢ ᠶ᠋ᠢᠨ ᠬᠠᠮᠠᠭᠠᠯᠠᠯᠲᠠ ᠶ᠋ᠢ ᠲᠤᠶ᠋ᠢᠯ ᠢᠶᠠᠷ ᠴᠢᠬᠤᠯᠠᠴᠢᠯᠠᠨᠠ ᠃ ᠬᠡᠷᠪᠡ ᠲᠠ ᠨᠠᠰᠤᠨ ᠳ᠋ᠤ ᠦᠯᠦ ᠬᠦᠷᠦᠭᠰᠡᠳ ᠪᠣᠯ ᠂ ᠠᠨᠢᠰᠤ ᠺᠤᠮᠫᠠᠨᠢ ᠶ᠋ᠢᠨ ᠦᠢᠯᠡᠴᠢᠯᠡᠭᠡ ᠶ᠋ᠢ ᠬᠡᠷᠡᠭᠯᠡᠬᠦ ᠡᠴᠠ ᠪᠠᠨ ᠡᠮᠦᠨᠡ ᠂ ᠭᠡᠷ ᠤᠨ ᠠᠬᠠᠮᠠᠳ ᠪᠤᠶᠤ ᠬᠠᠤᠯᠢ ᠪᠠᠷ ᠲᠤᠭᠳᠠᠭᠠᠭᠰᠠᠨ ᠬᠢᠨᠠᠨ ᠬᠠᠮᠠᠭᠠᠯᠠᠭᠴᠢ ᠶ᠋ᠢᠨ ᠢᠶᠡᠨ ᠵᠦᠪᠰᠢᠶᠡᠷᠡᠯ ᠢ ᠤᠯᠤᠭᠰᠠᠨ ᠪᠠᠶ᠋ᠢᠬᠤ ᠬᠡᠷᠡᠭᠲᠡᠢ ᠃
- 5.7 ︽ ANDA Club︾ ᠬᠡᠷᠬᠢᠨ ᠲᠠᠨ ᠤ ᠬᠤᠪᠢ ᠶ᠋ᠢᠨ ᠮᠡᠳᠡᠭᠡ ᠵᠠᠩᠭᠢ ᠶ᠋ᠢ ᠴᠤᠭᠯᠠᠭᠤᠯᠬᠤ ᠂ ᠬᠡᠷᠡᠭᠯᠡᠬᠦ ᠂ ᠬᠠᠳᠠᠭᠠᠯᠠᠬᠤ ᠂ ᠬᠠᠮᠠᠭᠠᠯᠠᠬᠤ ᠵᠢᠴᠢ ᠲᠠ ᠶᠠᠮᠠᠷ ᠡᠷᠬᠡ ᠶ᠋ᠢ ᠡᠳ᠋ᠯᠡᠬᠦ ᠲᠤᠬᠠᠢ ᠤᠶ᠋ᠢᠯᠠᠭᠠᠬᠤ ᠭᠡᠪᠡᠯ ANDA Club ᠤᠨ ︽ ᠨᠢᠭᠤᠴᠠ ᠬᠠᠮᠠᠭᠠᠯᠠᠬᠤ ᠳᠦᠷᠢᠮ ︾ ᠢ ᠤᠩᠰᠢᠭᠠᠷᠠᠢ ᠃
- 6. ᠭᠣᠣᠯ ᠡᠷᠬᠡ ᠪᠠ ᠡᠭᠦᠷᠭᠡ ᠶ᠋ᠢᠨ ᠲᠣᠬᠠᠢ
- 6.1 ᠳᠠᠩᠰᠠᠨ ᠳ᠋ᠤᠭᠠᠷ ᠢ ᠬᠡᠷᠡᠭᠯᠡᠬᠦ ᠳᠦᠷᠢᠮ
- 6.1.1 ᠬᠡᠷᠡᠭᠯᠡᠭᠴᠢ ᠲᠤᠰ ᠦᠢᠯᠡᠴᠢᠯᠡᠭᠡ ᠶ᠋ᠢ ᠬᠡᠷᠡᠭᠯᠡᠬᠦ ᠡᠴᠠ ᠪᠠᠨ ᠡᠮᠦᠨᠡ ANDA Club ᠳ᠋ᠤᠭᠠᠷ ᠳᠠᠩᠰᠠᠯᠠᠭᠤᠯᠬᠤ ᠴᠢᠬᠤᠯᠠᠲᠠᠢ ᠃ ᠬᠡᠷᠡᠭᠯᠡᠭᠴᠢ ︽ ANDA Club ︾ ᠳ᠋ᠤ ᠨᠡᠪᠲᠡᠷᠡᠬᠦ ᠦᠶᠡᠰ ᠦᠪᠡᠷ ᠤᠨ ᠭᠠᠷ ᠤᠲᠠᠰᠤᠨ ᠤ ᠳ᠋ᠤᠭᠠᠷ,ᠸᠢᠴᠠᠲ ᠪᠤᠶᠤ facebook ᠳ᠋ᠤᠭᠠᠷ ᠢᠶᠡᠨ ᠠᠰᠢᠭᠯᠠᠨᠠ ᠃ ︽ ANDA Club ︾ ᠲᠠᠨ ᠤ ᠭᠠᠷ ᠤᠲᠠᠰᠤᠨ ᠤ ᠳ᠋ᠤᠭᠠᠷ,ᠸᠢᠴᠠᠲ ᠪᠤᠶᠤ facebook ᠳ᠋ᠤᠭᠠᠷ ᠢ ᠬᠠᠳᠠᠭᠠᠯᠠᠬᠤ ᠦᠭᠡᠢ ᠃ ANDA Club ᠲᠤ ᠪᠢᠲᠡᠭᠦᠮᠵᠢᠯᠡᠭᠳᠡᠭᠰᠡᠨ ᠳ᠋ᠤᠭᠠᠷ ᠵᠢᠴᠢ ᠨᠢᠭᠡᠨᠲᠡ ANDA Club ᠲᠤ ᠳᠠᠩᠰᠠᠯᠠᠭᠤᠯᠤᠭᠰᠠᠨ ᠳ᠋ᠤᠭᠠᠷ ᠪᠠᠶ᠋ᠢᠵᠤ ᠪᠣᠯᠬᠤ ᠦᠭᠡᠢ ᠃
- 6.1.2 ANDA Club ᠳ᠋ᠤᠭᠠᠷ ᠤᠨ ᠦᠮᠴᠢᠯᠡᠬᠦ ᠡᠷᠬᠡ ᠠᠨᠢᠰᠤ ᠺᠤᠮᠫᠠᠨᠢ ᠳ᠋ᠤ ᠬᠠᠷᠢᠶᠠᠯᠠᠭᠳᠠᠨᠠ ᠃ ᠬᠡᠷᠡᠭᠯᠡᠭᠴᠢ ᠳᠠᠩᠰᠠᠯᠠᠭᠤᠯᠬᠤ ᠭᠤᠶᠤᠴᠢᠯᠠᠯ ᠢᠶᠡᠨ ᠲᠠᠭᠯᠠᠵᠤ ᠪᠠᠷᠠᠭᠰᠠᠨ ᠤ ᠳᠠᠷᠠᠭᠠ ᠂ ᠵᠦᠪᠬᠡᠨ ANDA Club ᠳ᠋ᠣᠭᠠᠷ ᠢ ᠬᠡᠷᠡᠭᠯᠡᠬᠦ ᠡᠷᠬᠡ ᠶ᠋ᠢ ᠣᠯᠵᠤ ᠂ ᠡᠨᠡᠬᠦ ᠬᠡᠷᠡᠭᠯᠡᠬᠦ ᠡᠷᠬᠡ ᠨᠢ ᠵᠦᠪᠬᠡᠨ ᠠᠩᠬᠠ ᠡᠬᠢᠯᠡᠬᠦ ᠳ᠋ᠤ ᠭᠤᠶᠤᠴᠢᠯᠠᠵᠤ ᠳᠠᠩᠰᠠᠯᠠᠭᠤᠯᠤᠭᠰᠠᠨ ᠬᠦᠮᠦᠨ ᠳ᠋ᠤ ᠬᠠᠷᠢᠶᠠᠯᠠᠭᠳᠠᠨᠠ ᠃ ᠡᠭᠦᠨ ᠡᠴᠠ ᠭᠠᠳᠠᠨᠠ ᠂ ᠠᠩᠬᠠ ᠡᠬᠢᠯᠡᠬᠦ ᠳ᠋ᠤ ᠭᠤᠶᠤᠴᠢᠯᠠᠵᠤ ᠳᠠᠩᠰᠠᠯᠠᠭᠤᠯᠤᠭᠰᠠᠨ ᠬᠦᠮᠦᠨ ANDA Club ᠳ᠋ᠤᠭᠠᠷ ᠢᠶᠡᠨ ᠪᠤᠰᠤᠳ ᠲᠤ ᠥᠭᠬᠦ ᠂ ᠵᠢᠭᠡᠯᠡᠬᠦᠯᠬᠦ ᠂ ᠲᠦᠷᠢᠶᠡᠰᠦᠯᠡᠬᠦ ᠂ ᠰᠢᠯᠵᠢᠬᠦᠯᠬᠦ ᠪᠤᠶᠤ ᠬᠤᠳᠠᠯᠳᠤᠬᠤ ᠂ ᠡᠰᠡᠭᠥᠯᠡ ᠪᠤᠰᠤᠳ ᠠᠷᠭᠠ ᠪᠠᠷ ANDA Club ᠳ᠋ᠤᠭᠠᠷ ᠢᠶᠡᠨ ᠪᠤᠰᠤᠳ ᠲᠤ ᠬᠡᠷᠡᠭᠯᠡᠭᠦᠯᠵᠦ ᠪᠣᠯᠬᠤ ᠦᠭᠡᠢ ᠃
- 6.1.3 ᠬᠡᠷᠡᠭᠯᠡᠭᠴᠢ ᠳᠠᠩᠰᠠᠯᠠᠭᠤᠯᠤᠭᠰᠠᠨ ᠳ᠋ᠤᠭᠠᠷ ᠤᠨ ᠢᠶᠡᠨ ᠮᠡᠳᠡᠭᠡ ᠵᠠᠩᠭᠢ ᠪᠤᠯᠤᠨ ᠨᠢᠭᠤᠴᠠ ᠦᠭᠡ ᠶ᠋ᠢᠨ ᠠᠮᠤᠷ ᠲᠦᠪᠰᠢᠨ ᠢ ᠬᠠᠮᠠᠭᠠᠯᠠᠬᠤ ᠬᠠᠷᠢᠭᠤᠴᠠᠯᠭᠠ ᠲᠠᠢ ᠪᠠᠶ᠋ᠢᠵᠤ ᠂ ᠳᠠᠩᠰᠠᠯᠠᠭᠤᠯᠤᠭᠰᠠᠨ ᠳ᠋ᠤᠭᠠᠷ ᠤᠨ ᠢᠶᠡᠨ ᠦᠢᠯᠡ ᠠᠵᠢᠯᠯᠠᠭᠠᠨ ᠳ᠋ᠤ ᠬᠠᠤᠯᠢ ᠶ᠋ᠢᠨ ᠬᠠᠷᠢᠭᠤᠴᠠᠯᠭᠠ ᠡᠭᠦᠷᠭᠡᠯᠡᠨᠡ ᠃ ᠬᠡᠷᠡᠭᠯᠡᠭᠴᠢ ᠶᠠᠮᠠᠷᠪᠠ ᠪᠠᠶ᠋ᠢᠳᠠᠯ ᠳ᠋ᠤ ᠪᠤᠰᠤᠳ ᠲᠤ ᠳᠠᠩᠰᠠᠨ ᠳ᠋ᠤᠭᠠᠷ ᠪᠤᠯᠤᠨ ᠨᠢᠭᠤᠴᠠ ᠦᠭᠡᠨ ᠤ ᠮᠡᠳᠡᠭᠡ ᠵᠠᠩᠭᠢ ᠪᠠᠨ ᠵᠠᠳᠠᠷᠠᠭᠣᠯᠵᠣ ᠪᠣᠯᠬᠣ ᠦᠭᠡᠢ ᠃ ᠪᠤᠰᠤᠳ ᠬᠦᠮᠦᠨ ᠳᠠᠩᠰᠠᠨ ᠳ᠋ᠤᠭᠠᠷ ᠢ ᠬᠡᠷᠡᠭᠯᠡᠵᠦ ᠪᠠᠶ᠋ᠢᠬᠤ ᠶ᠋ᠢ ᠰᠡᠵᠢᠭᠯᠡᠬᠦ ᠦᠶᠡᠰ ᠂ ᠳᠠᠷᠤᠶ᠋ᠢᠬᠠᠨ ᠮᠠᠨ ᠤ ᠺᠤᠮᠫᠠᠨᠢ ᠲᠠᠢ ᠬᠠᠷᠢᠯᠴᠠᠬᠤ ᠬᠡᠷᠡᠭᠲᠡᠢ ᠃
- 6.1.4 ᠬᠡᠷᠡᠭᠯᠡᠭᠴᠢ ᠭᠠᠷ ᠤᠲᠠᠰᠤᠨ ᠤ ᠳ᠋ᠤᠭᠠᠷ ᠢᠶᠠᠷ ᠢᠶᠡᠨ ANDA Club ᠳ᠋ᠤᠭᠠᠷ ᠳᠠᠩᠰᠠᠯᠠᠭᠤᠯᠤᠭᠰᠠᠨ ᠤ ᠳᠠᠷᠠᠭᠠ ᠂ ANDA Club ID ᠢ ᠵᠠᠰᠠᠵᠤ ᠳᠡᠶ᠋ᠢᠯᠬᠦ ᠦᠭᠡᠢ ᠃
- 6.1.5 ︽ ANDA Club ︾ ᠳᠡᠭᠡᠷᠡ ᠪᠠᠶᠢᠭᠠ ᠲᠠᠨ ᠤ ᠨᠡᠷᠡ ᠂ ᠨᠤᠲᠤᠭ ᠂ ᠵᠢᠷᠤᠭ ᠢ ᠴᠢᠨᠢ ᠪᠤᠰᠤᠳ ᠬᠡᠷᠡᠭᠯᠡᠭᠴᠢᠳ ᠦᠵᠡᠬᠦ ᠡᠷᠬᠡ ᠲᠠᠢ ᠃
- 6.1.6 ︽ ANDA Club ︾ ᠳᠡᠭᠡᠷᠡ ᠪᠠᠶᠢᠭᠤᠯᠤᠭᠰᠠᠨ ᠴᠣᠮᠣᠭ ᠢ ᠪᠤᠰᠤᠳ ᠬᠡᠷᠡᠭᠯᠡᠭᠴᠢᠳ ᠬᠠᠳᠠᠭᠠᠯᠠᠬᠤ ᠡᠷᠬᠡ ᠲᠠᠢ ᠃
- 6.1.7 ANDA Club ᠰᠤᠹᠲ ᠲᠠᠬᠢ ᠨᠡᠶᠢᠲᠡ ᠠᠭᠤᠯᠭᠠ ᠶ᠋ᠢᠨ ᠦᠮᠴᠢ ᠡᠷᠬᠡ ᠶ᠋ᠢᠨ ᠲᠤᠬᠠᠢ
- 6.1.8 ANDA Club ᠰᠤᠹᠲ ᠤᠨ ᠦᠮᠴᠢᠯᠡᠬᠦ ᠡᠷᠬᠡᠨ ᠳ᠋ᠦ ᠬᠠᠮᠤᠷᠤᠭᠳᠠᠬᠤ ᠠᠭᠤᠯᠭᠠ ᠶ᠋ᠢᠨ ᠬᠤᠪᠢ ᠳ᠋ᠦ ᠂ ᠣᠭ ᠰᠣᠹᠲ ᠤᠨ ᠨᠡᠶᠢᠲᠡ ᠳᠠᠭᠤᠤ ᠪᠢᠴᠢᠯᠭᠡ ᠂ ᠳᠠᠭᠤᠤ ᠶ᠋ᠢᠨ ᠦᠭᠡ ᠂ ᠳᠠᠭᠤᠤ ᠶ᠋ᠢᠨ ᠠᠶᠠ᠂ ᠣᠷᠠᠨ ᠪᠦᠲᠦᠭᠡᠯᠴᠢᠳ ᠤᠨ ᠵᠢᠷᠤᠭ ᠲᠠᠨᠢᠯᠴᠠᠭᠤᠯᠭᠠ ᠶ᠋ᠢ ᠬᠠᠮᠤᠷᠠᠬᠤ ᠡᠴᠡ ᠭᠠᠳᠠᠨᠠ ᠂ ANDA Club ᠰᠣᠹᠲ ᠤᠨ ᠬᠡᠪ ᠵᠠᠭᠪᠤᠷ ᠂ ᠵᠢᠷᠤᠭᠲᠦ ᠲᠡᠮᠳᠡᠭ ᠂ ᠴᠤᠮᠤᠭ ᠪᠠᠶᠢᠭᠤᠯᠬᠤ ᠴᠢᠳᠠᠮᠵᠢ ᠬᠡᠷᠡᠭᠯᠡᠭᠡ ᠵᠡᠷᠭᠡ ᠪᠦᠬᠦᠶᠢᠯᠡ ᠠᠭᠤᠯᠭᠠ ᠶ᠋ᠢ ᠬᠠᠮᠤᠷᠴᠣ ᠪᠠᠶᠢᠭᠠ ᠲᠤᠯᠠ ANDA Club ᠰᠣᠹᠲ ᠤᠨ ᠵᠦᠪᠰᠢᠶᠡᠷᠡᠯ ᠦᠭᠡᠢ ᠪᠡᠷ ᠬᠠᠭᠤᠯᠪᠤᠷᠢᠯᠠᠨ ᠪᠤᠷᠤᠯᠠᠭᠤᠯᠬᠤ ᠮᠡᠲᠦ ᠪᠡᠷ ᠰᠢᠯᠵᠢᠭᠦᠯᠦᠨ ᠠᠰᠢᠭᠯᠠᠵᠦ ᠪᠤᠯᠬᠤ ᠦᠭᠡᠢ ᠃
- 6.1.9 ANDA Club ᠰᠤᠹᠲ ᠤᠨ ᠪᠦᠬᠦ ᠤᠷᠠᠨ ᠪᠦᠲᠦᠭᠡᠯ ᠢ ANDA Club ᠤᠨ ᠭᠡᠰᠢᠭᠦᠨ ᠪᠤᠯᠤᠭᠰᠠᠨ ᠂ ᠪᠤᠯᠤᠭᠠ ᠥᠬᠡᠢ ᠂ ᠤᠷᠠᠨ ᠪᠦᠲᠦᠭᠡᠯ ᠢ ᠬᠤᠳᠠᠯᠳᠤᠵᠤ ᠠᠪᠤᠭᠰᠠᠨ ᠂ ᠠᠪᠤᠭᠠ ᠥᠭᠡᠢ ᠶᠠᠮᠠᠷ ᠴᠤ ᠳᠤᠬᠢᠶᠠᠯᠳᠤᠯ ᠳ᠋ᠤ ᠵᠦᠪᠬᠡᠨ ANDA Club ᠰᠤᠹᠲ ᠳᠡᠭᠡᠷᠡ ᠲᠤᠭᠯᠠᠭᠤᠯᠬᠤ ᠦᠢᠯᠡᠴᠢᠯᠡᠭᠡᠨ ᠳ᠋ᠤ ᠠᠰᠢᠭᠯᠠᠨᠠ ᠃ ANDA Club ᠰᠤᠹᠲ ᠡᠴᠠ ᠪᠤᠰᠤᠳ ᠭᠠᠵᠡᠷ ᠂ ᠪᠤᠰᠤᠳ ᠠᠷᠭᠠ ᠪᠠᠷᠢᠯ ᠢᠶᠠᠷ ᠠᠰᠢᠭᠯᠠᠭᠰᠠᠨ ᠠᠯᠢᠪᠠ ᠳᠤᠬᠢᠶᠠᠯᠳᠤᠯ ᠳ᠋ᠤ ᠤᠶᠤᠨ ᠤ ᠦᠮᠴᠢ ᠶ᠋ᠢᠨ ᠬᠤᠯᠪᠤᠭᠳᠠᠬᠤ ᠬᠠᠤᠯᠢ ᠳᠦᠷᠢᠮ ᠤᠨ ᠳᠠᠭᠠᠤ ᠬᠠᠤᠯᠢ ᠶ᠋ᠢᠨ ᠬᠠᠷᠢᠭᠤᠴᠠᠯᠭᠠ ᠨᠡᠬᠡᠮᠵᠢᠯᠡᠬᠦ ᠪᠤᠯᠤᠨᠠ ᠃
- 6.2 ᠬᠡᠷᠡᠭᠯᠡᠭᠴᠢ ᠶ᠋ᠢᠨ ᠠᠩᠬᠠᠷᠬᠤ ᠵᠦᠢᠯ
- 6.2.1 ᠲᠠᠨ ᠳ᠋ᠤ ᠦᠷᠡ ᠪᠦᠲᠦᠮᠵᠢᠲᠠᠢ ᠦᠢᠯᠡᠴᠢᠯᠡᠬᠡ ᠬᠠᠩᠭᠠᠬᠤ ᠶ᠋ᠢᠨ ᠲᠦᠯᠦᠭᠡ ᠂ ︽ ANDA Club ︾ ᠲᠠᠨ ᠤ ᠭᠠᠷ ᠤᠲᠠᠰᠤᠨ ᠤ ᠰᠢᠢᠳᠪᠦᠷᠢᠯᠡᠭᠦᠷ ᠪᠤᠯᠤᠨ ᠥᠷᠭᠡᠨ ᠳᠠᠪᠳᠠᠮᠵᠢᠲᠤ ᠪᠦᠰᠡ ᠶ᠋ᠢ ᠠᠰᠢᠭᠯᠠᠨᠠ ᠃
- 6.2.2 ᠲᠤᠰ ᠰᠤᠹᠲ ᠶ᠋ᠢᠨ ᠵᠠᠷᠢᠮ ᠴᠢᠳᠠᠮᠵᠢ ᠨᠢ ᠬᠡᠷᠡᠭᠯᠡᠭᠴᠢ ᠶ᠋ᠢᠨ ᠮᠡᠳᠡᠭᠡ ᠵᠠᠩᠭᠢ ᠶ᠋ᠢ ᠭᠤᠷᠪᠠᠳᠠᠭᠴᠢ ᠲᠠᠯᠠ ᠳ᠋ᠤ ᠮᠡᠳᠡᠭᠦᠯᠬᠦ ᠪᠤᠯᠤᠮᠵᠢ ᠲᠠᠢ ᠂ ᠵᠢᠱᠢᠶᠡᠯᠡᠪᠡᠯ ᠄ ᠬᠡᠷᠡᠭᠯᠡᠭᠴᠢ ᠶ᠋ᠢᠨ ᠪᠠᠶᠢᠭᠤᠯᠤᠭᠰᠠᠨ ᠴᠤᠮᠤᠭ ᠤᠨ ᠵᠢᠷᠤᠭ ᠰᠡᠭᠦᠳᠡᠷ ᠂ ᠨᠡᠷᠡ ᠂ ANDA Club ID ᠵᠡᠷᠭᠡ ᠮᠡᠳᠡᠭᠡ ᠵᠠᠩᠭᠢ ᠶ᠋ᠢ ᠦᠵᠡᠵᠦ ᠪᠤᠯᠤᠨᠠ ᠃
- 6.2.3 ᠠᠨᠢᠰᠤ ᠺᠤᠮᠫᠠᠨᠢ ᠲᠠᠨ ᠤ ︽ ANDA Club ︾ ᠵᠢᠴᠢ ᠦᠢᠯᠡᠴᠢᠯᠡᠭᠡ ᠶ᠋ᠢ ᠬᠡᠷᠡᠭᠯᠡᠵᠦ ᠪᠠᠶᠢᠬᠤ ᠬᠤᠭᠤᠴᠠᠭᠠᠨ ᠳ᠋ᠠᠬᠢ ᠲᠣᠭᠠ ᠪᠦᠷᠢᠳᠬᠡᠯ ᠢ ᠠᠮᠤᠷ ᠲᠦᠪᠰᠢᠨ ᠬᠠᠳᠠᠭᠠᠯᠠᠬᠤ ᠪᠠᠷ ᠴᠢᠷᠮᠠᠶ᠋ᠢᠬᠤ ᠪᠤᠯᠪᠠᠴᠤ ᠪᠦᠷᠢᠮᠦᠰᠦᠨ ᠪᠠᠲᠤᠯᠠᠭᠠ ᠬᠠᠩᠭᠠᠵᠤ ᠴᠢᠳᠠᠬᠤ ᠦᠭᠡᠢ ᠃ ᠳᠤᠤᠷᠠᠬᠢ ᠪᠠᠶᠢᠳᠠᠯ ᠪᠠᠭᠲᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠭᠡᠢ ᠄
- ︵ 1 ︶ ᠠᠨᠢᠰᠤ ᠺᠤᠮᠫᠠᠨᠢ ᠡᠴᠠ ᠲᠠᠨ ᠤ ︽ ANDA Club ︾ ᠵᠢᠴᠢ ᠦᠢᠯᠡᠴᠢᠯᠡᠭᠡ ᠶ᠋ᠢ ᠬᠡᠷᠡᠭᠯᠡᠬᠦ ᠬᠤᠭᠤᠴᠠᠭᠠᠨ ᠳ᠋ᠠᠬᠢ ᠬᠤᠯᠪᠤᠭᠳᠠᠯ ᠪᠦᠬᠦᠢ ᠲᠣᠭᠠ ᠪᠦᠷᠢᠳᠬᠡᠯ ᠤᠨ ᠬᠠᠰᠤᠭᠳᠠᠬᠤ ᠪᠤᠶᠤ ᠬᠠᠳᠠᠭᠠᠯᠠᠭᠳᠠᠵᠤ ᠴᠢᠳᠠᠬᠤ ᠦᠭᠡᠢ ᠪᠠᠶ᠋ᠢᠳᠠᠯ ᠳ᠋ᠤ ᠬᠠᠷᠢᠭᠤᠴᠠᠯᠭᠠ ᠡᠭᠦᠷᠭᠡᠯᠡᠬᠦ ᠦᠭᠡᠢ ᠃
- ︵ 2 ︶ ᠠᠨᠢᠰᠤ ᠺᠤᠮᠫᠠᠨᠢ ᠪᠤᠳᠠᠳᠠᠢ ᠪᠠᠶ᠋ᠢᠳᠠᠯ ᠢᠶᠡᠨ ᠦᠨᠳᠦᠰᠦᠯᠡᠵᠦ ᠬᠡᠷᠡᠭᠯᠡᠭᠴᠢ ᠶ᠋ᠢᠨ ︽ ANDA Club ︾ ᠵᠢᠴᠢ ᠦᠢᠯᠡᠴᠢᠯᠡᠭᠡ ᠳ᠋ᠠᠬᠢ ᠲᠣᠭᠠ ᠪᠦᠷᠢᠳᠬᠡᠯ ᠤᠨ ᠬᠠᠮᠤᠭ ᠤᠷᠲᠤ ᠬᠠᠳᠠᠭᠠᠯᠠᠬᠤ ᠬᠤᠭᠤᠴᠠᠭᠠ ᠶ᠋ᠢ ᠲᠣᠭᠳᠠᠭᠠᠬᠤ ᠡᠷᠬᠡ ᠲᠠᠢ ᠃
- ︵ 3 ︶ ᠬᠡᠷᠪᠡ ᠲᠠ ︽ ANDA Club ︾ ᠵᠢᠴᠢ ᠦᠢᠯᠡᠴᠢᠯᠡᠭᠡ ᠶ᠋ᠢ ᠬᠡᠷᠡᠭᠯᠡᠬᠦ ᠪᠠᠨ ᠵᠤᠭᠰᠤᠬᠤ ᠪᠤᠶᠤ ᠬᠡᠷᠡᠭᠯᠡᠬᠦ ᠪᠠᠨ ᠵᠤᠭᠰᠤᠭᠠᠭᠳᠠᠬᠤ ᠦᠶᠡᠰ ᠂ ᠠᠨᠢᠰᠤ ᠺᠤᠮᠫᠠᠨᠢ ᠲᠠᠨ ᠤ ᠬᠤᠯᠪᠤᠭᠳᠠᠯ ᠪᠦᠬᠦᠢ ᠲᠣᠭᠠ ᠪᠦᠷᠢᠳᠬᠡᠯ ᠢ ᠦᠢᠯᠡᠴᠢᠯᠡᠬᠦᠷ ᠮᠠᠰᠢᠨ ᠡᠴᠠ ᠬᠠᠰᠤᠵᠤ ᠪᠣᠯᠤᠨᠠ ᠃ ᠦᠢᠯᠡᠴᠢᠯᠡᠭᠡ ᠵᠤᠭᠰᠤᠬᠤ ᠪᠤᠶᠤ ᠳᠠᠭᠤᠰᠬᠤ ᠦᠶᠡᠰ ᠂ ᠠᠨᠢᠰᠤ ᠺᠤᠮᠫᠠᠨᠢ ᠲᠠᠨ ᠳ᠋ᠤ ᠶᠠᠮᠠᠷᠪᠠ ᠲᠣᠭᠠ ᠪᠦᠷᠢᠳᠬᠡᠯ ᠢ ᠪᠤᠴᠠᠭᠠᠬᠤ ᠡᠭᠦᠷᠭᠡ ᠦᠭᠡᠢ ᠃
- 6.2.4 ᠬᠡᠷᠡᠭᠯᠡᠭᠴᠢ ︽ ANDA Club ︾ ᠵᠢᠴᠢ ᠦᠢᠯᠡᠴᠢᠯᠡᠭᠡ ᠶ᠋ᠢ ᠬᠡᠷᠡᠭᠯᠡᠬᠦ ᠬᠣᠭᠣᠴᠠᠭᠠᠨ ᠳ᠋ᠤ ᠠᠨᠢᠰᠤ ᠺᠤᠮᠫᠠᠨᠢ ᠡᠴᠠ ᠵᠠᠬᠢᠷᠬᠤ ᠶ᠋ᠢᠨ ᠠᠷᠭᠠ ᠦᠭᠡᠢ ᠠᠶᠤᠯ ᠲᠤᠯᠭᠠᠷᠠᠪᠠᠯ ᠦᠪᠡᠷᠲᠡᠭᠡᠨ ᠬᠠᠷᠢᠭᠤᠴᠠᠯᠭᠠ ᠡᠭᠦᠷᠭᠡᠯᠡᠨᠡ ᠃ ᠳᠤᠤᠷᠠᠬᠢ ᠠᠭᠤᠯᠭᠠ ᠪᠠᠭᠲᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠭᠡᠢ ᠄
- ︵ 1 ︶ ᠦᠭᠡᠶ᠋ᠢᠰᠬᠡᠬᠦ ᠶ᠋ᠢᠨ ᠠᠷᠭᠠ ᠦᠭᠡᠢ ᠰᠢᠯᠲᠠᠭᠠᠨ ᠡᠴᠠ ᠪᠤᠯᠵᠤ ᠡᠭᠦᠰᠬᠦ ᠬᠤᠪᠢ ᠶ᠋ᠢᠨ ᠮᠡᠳᠡᠭᠡ ᠵᠠᠩᠭᠢ ᠶ᠋ᠢᠨ ᠭᠡᠭᠡᠭᠳᠡᠬᠦ ᠪᠤᠶᠤ ᠯᠡᠪᠡᠷᠡᠬᠦ ᠵᠡᠷᠭᠡ ᠃
- ︵ 2 ︶ ᠬᠡᠷᠡᠭᠯᠡᠭᠴᠢ ︽ ANDA Club ︾ ᠢᠶᠠᠷ ᠳᠠᠮᠵᠢᠨ ᠭᠤᠷᠪᠠᠳᠠᠭᠴᠢ ᠲᠠᠯᠠ ᠶ᠋ᠢᠨ ᠰᠦᠯᠵᠢᠶᠡᠨ ᠳ᠋ᠤ ᠨᠡᠪᠲᠡᠷᠡᠬᠦ ᠦᠶᠡᠰ ᠂ ᠭᠤᠷᠪᠠᠳᠠᠭᠴᠢ ᠲᠠᠯᠠ ᠶ᠋ᠢᠨ ᠰᠦᠯᠵᠢᠶᠡ ᠵᠢᠴᠢ ᠬᠤᠯᠪᠤᠭᠳᠠᠯ ᠪᠦᠬᠦᠢ ᠠᠭᠤᠯᠭᠠ ᠡᠴᠠ ᠪᠣᠯᠵᠤ ᠡᠭᠦᠰᠴᠦ ᠮᠡᠳᠡᠬᠦ ᠠᠶᠤᠯ ᠳ᠋ᠤ ᠦᠪᠡᠷ ᠢᠶᠡᠨ ᠬᠠᠷᠢᠭᠤᠴᠠᠯᠭᠠ ᠡᠭᠦᠷᠭᠡᠯᠡᠨᠡ ᠃
- ︵ 3 ︶ ᠬᠡᠷᠡᠭᠯᠡᠭᠴᠢ ᠶ᠋ᠢᠨ ᠨᠡᠶ᠋ᠢᠲᠡᠯᠡᠭᠰᠡᠨ ᠠᠭᠤᠯᠭᠠ ᠶ᠋ᠢ ᠪᠤᠰᠤᠳ ᠬᠦᠮᠦᠨ ᠳᠠᠮᠵᠢᠭᠤᠯᠤᠨ ᠨᠡᠶ᠋ᠢᠲᠡᠯᠡᠬᠦ ᠂ ᠬᠤᠪᠢᠶᠠᠯᠴᠠᠬᠤ ᠵᠡᠷᠭᠡ ᠪᠠᠶᠢᠳᠠᠯ ᠡᠴᠠ ᠪᠣᠯᠵᠤ ᠡᠭᠦᠰᠴᠦ ᠮᠡᠳᠡᠬᠦ ᠠᠶᠤᠯ ᠪᠤᠯᠤᠨ ᠬᠠᠷᠢᠭᠤᠴᠠᠯᠭᠠ ᠃
- ︵ 4 ︶ ᠳᠤᠯᠭᠢᠶᠠ ᠰᠦᠯᠵᠢᠶᠡᠨ ᠤ ᠳᠤᠬᠢᠶᠠᠯᠠᠯ ᠮᠠᠭᠤ ᠵᠡᠷᠭᠡ ᠠᠰᠠᠭᠤᠳᠠᠯ ᠡᠴᠠ ᠪᠤᠯᠵᠤ ︽ ANDA Club ︾ ᠨᠡᠪᠲᠡᠷᠡᠵᠦ ᠴᠢᠳᠠᠬᠤ ᠦᠬᠡᠢ ᠂ ᠠᠭᠤᠯᠭᠠ ᠨᠡᠶ᠋ᠢᠲᠡᠯᠡᠬᠦ ᠳ᠋ᠤ ᠤᠳᠠᠭᠠᠨ ᠵᠡᠷᠭᠡ ᠃
- 6.3 ᠭᠤᠷᠪᠠᠳᠠᠭᠴᠢ ᠲᠠᠯᠠ ᠶ᠋ᠢᠨ ᠪᠦᠲᠦᠭᠡᠭᠳᠡᠭᠦᠨ ᠪᠤᠯᠤᠨ ᠦᠢᠯᠡᠴᠢᠯᠡᠭᠡ
- 6.3.1 ᠲᠠ ︽ ANDA Club ︾ ᠤᠨ ᠭᠤᠷᠪᠠᠳᠠᠭᠴᠢ ᠲᠠᠯᠠ ᠶ᠋ᠢᠨ ᠪᠦᠲᠦᠭᠡᠭᠳᠡᠬᠦᠨ ᠪᠤᠯᠤᠨ ᠦᠢᠯᠡᠴᠢᠯᠡᠭᠡ ᠶ᠋ᠢ ᠬᠡᠷᠡᠭᠯᠡᠬᠦ ᠦᠶᠡᠰ ᠂ ᠲᠤᠰ ᠭᠡᠷᠡ ᠶ᠋ᠢ ᠵᠢᠷᠤᠮᠯᠠᠬᠤ ᠡᠴᠠ ᠭᠠᠳᠠᠨᠠ ᠭᠤᠷᠪᠠᠳᠠᠭᠴᠢ ᠲᠠᠯᠠ ᠶ᠋ᠢᠨ ᠬᠡᠷᠡᠭᠯᠡᠭᠴᠢᠳ ᠤᠨ ᠭᠡᠷᠡ ᠶ᠋ᠢ ᠵᠢᠷᠤᠮᠯᠠᠬᠤ ᠬᠡᠷᠡᠭᠲᠡᠢ ᠃
- 6.3.2 ᠭᠤᠷᠪᠠᠳᠠᠭᠴᠢ ᠲᠠᠯᠠ ᠶ᠋ᠢᠨ ᠦᠢᠯᠡᠴᠢᠯᠡᠭᠡ ᠬᠠᠩᠭᠠᠭᠴᠢ ︽ ANDA Club ︾ ᠢᠶᠠᠷ ᠳᠠᠮᠵᠢᠨ ᠲᠠᠨ ᠳ᠋ᠤ ᠪᠦᠲᠦᠭᠡᠭᠳᠡᠬᠦᠨ ᠪᠤᠯᠤᠨ ᠦᠢᠯᠡᠴᠢᠯᠡᠭᠡ ᠬᠠᠩᠭᠠᠨᠠ ᠃ ᠲᠠ ᠭᠤᠷᠪᠠᠳᠠᠭᠴᠢ ᠲᠠᠯᠠ ᠶ᠋ᠢᠨ ᠦᠢᠯᠡᠴᠢᠯᠡᠭᠡ ᠶ᠋ᠢ ᠬᠡᠷᠡᠭᠯᠡᠬᠦ ᠬᠤᠭᠤᠴᠠᠭᠠᠨ ᠳ᠋ᠤ ᠂ ᠦᠢᠯᠡᠴᠢᠯᠡᠭᠡ ᠬᠠᠩᠭᠠᠵᠤ ᠪᠠᠶᠢᠭᠠ ᠭᠤᠷᠪᠠᠳᠠᠭᠴᠢ ᠲᠠᠯᠠ ᠡᠴᠠ ᠲᠠᠨ ᠤ ᠬᠤᠯᠪᠤᠭᠳᠠᠯ ᠪᠦᠬᠦᠢ ᠲᠣᠭᠠ ᠪᠦᠷᠢᠳᠬᠡᠯ ᠪᠤᠯᠤᠨ ᠮᠡᠳᠡᠭᠡ ᠵᠠᠩᠭᠢ ᠶ᠋ᠢ ᠴᠤᠭᠯᠠᠭᠤᠯᠬᠤ ᠂ ᠬᠡᠷᠡᠭᠯᠡᠬᠦ ᠪᠤᠶᠤ ᠬᠠᠳᠠᠭᠠᠯᠠᠨᠠ ᠃ ᠠᠨᠢᠰᠤ ᠺᠤᠮᠫᠠᠨᠢ ᠭᠤᠷᠪᠠᠳᠠᠭᠴᠢ ᠲᠠᠯᠠ ᠲᠠᠢ ᠲᠤᠭᠳᠠᠭᠰᠠᠨ ᠭᠡᠷᠡ ᠪᠤᠯᠤᠨ ︽ ANDA Club ︾ ᠤᠨ ᠬᠤᠯᠪᠤᠭᠳᠠᠯ ᠪᠦᠬᠦᠢ ᠳᠦᠷᠢᠮ ᠲᠤᠭᠳᠠᠭᠠᠯ ᠶᠤᠰᠤᠭᠠᠷ ᠂ ᠭᠤᠷᠪᠠᠳᠠᠭᠴᠢ ᠲᠠᠯᠠ ᠶ᠋ᠢᠨ ᠦᠢᠯᠡᠴᠢᠯᠡᠭᠡ ᠬᠠᠩᠭᠠᠭᠴᠢ ᠶ᠋ᠢ ᠬᠡᠷᠡᠭᠯᠡᠭᠴᠢ ᠶ᠋ᠢᠨ ᠲᠣᠭᠠ ᠪᠦᠷᠢᠳᠬᠡᠯ ᠢ ᠬᠦᠷᠲᠡᠬᠦ ᠳ᠋ᠤ ᠪᠠᠨ ᠬᠠᠮᠢᠶᠠ ᠪᠦᠬᠦᠢ ᠬᠠᠤᠯᠢ ᠴᠠᠭᠠᠵᠠ ᠳᠦᠷᠢᠮ ᠲᠤᠭᠳᠠᠭᠠᠯ ᠢ ᠵᠢᠷᠤᠮᠯᠠᠨ ᠂ ᠡᠷᠬᠡᠪᠰᠢ ᠤᠷᠢᠳᠠᠪᠠᠷ ᠬᠡᠷᠡᠭᠯᠡᠭᠴᠢ ᠡᠴᠠ ᠵᠦᠪᠰᠢᠶᠡᠷᠡᠯ ᠠᠪᠬᠤ ᠂ ᠲᠣᠭᠠ ᠪᠦᠷᠢᠳᠬᠡᠯ ᠢ ᠬᠠᠮᠠᠭᠠᠯᠠᠬᠤ ᠠᠷᠭᠠ ᠠᠪᠴᠠᠯ ᠠᠪᠬᠤ ᠂ ᠵᠦᠪᠬᠡᠨ ᠪᠦᠲᠦᠭᠡᠭᠳᠡᠬᠦᠨ ᠪᠤᠯᠤᠨ ᠦᠢᠯᠡᠴᠢᠯᠡᠭᠡᠨ ᠤ ᠵᠣᠷᠢᠯᠭᠠ ᠪᠠᠷ ᠲᠠᠨ ᠤ ᠬᠤᠯᠪᠤᠭᠳᠠᠯ ᠪᠦᠬᠦᠢ ᠲᠣᠭᠠ ᠪᠦᠷᠢᠳᠬᠡᠯ ᠢ ᠵᠦᠢ ᠵᠤᠬᠢᠰᠲᠠᠢ ᠬᠡᠷᠡᠭᠯᠡᠬᠦ ᠂ ᠬᠡᠷᠡᠭᠯᠡᠬᠦ ᠪᠠᠨ ᠵᠤᠭᠰᠤᠬᠤ ᠦᠶᠡᠰ ᠪᠦᠬᠦ ᠲᠣᠭᠠ ᠪᠦᠷᠢᠳᠬᠡᠯ ᠢ ᠬᠠᠰᠤᠬᠤ ᠶ᠋ᠢ ᠱᠠᠭᠠᠷᠳᠠᠵᠤ ᠂ ᠪᠦᠬᠦ ᠬᠦᠴᠦ ᠪᠠᠷ ᠲᠠᠨ ᠤ ᠲᠣᠭᠠ ᠪᠦᠷᠢᠳᠬᠡᠯ ᠪᠤᠯᠤᠨ ᠬᠤᠪᠢ ᠶ᠋ᠢᠨ ᠨᠢᠭᠤᠴᠠ ᠶ᠋ᠢᠨ ᠠᠮᠤᠷ ᠲᠦᠪᠰᠢᠨ ᠢ ᠪᠠᠲᠤᠯᠠᠨᠠ ᠃
- 6.3.3 ᠠᠨᠢᠰᠤ ᠺᠤᠮᠫᠠᠨᠢ ︽ ANDA Club ︾ ᠢ ᠬᠤᠳᠠᠯᠳᠤᠭᠠᠨ ᠤ ᠵᠣᠷᠢᠯᠭᠠ ᠪᠠᠷ ᠬᠡᠷᠡᠭᠯᠡᠬᠦ ᠡᠰᠡᠬᠦ ᠪᠠᠨ ᠲᠤᠭᠳᠠᠭᠠᠬᠤ ᠡᠷᠬᠡ ᠲᠠᠢ ᠃ ANDA Club ᠤᠨ ᠬᠡᠰᠡᠭ ᠦᠢᠯᠡᠴᠢᠯᠡᠭᠡ ᠪᠠᠷ ᠳᠠᠮᠵᠢᠨ ᠭᠤᠷᠪᠠᠳᠠᠭᠴᠢ ᠲᠠᠯᠠ ᠳ᠋ᠤ ᠰᠤᠷᠲᠠᠯᠴᠢᠯᠠᠭᠠ ᠬᠢᠬᠦ ᠪᠠᠭᠲᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠭᠡᠢ ᠃
- 7. ᠬᠡᠷᠡᠭᠯᠡᠭᠴᠢᠳ ᠤᠨ ᠦᠢᠯᠡ ᠠᠵᠢᠯᠯᠠᠭᠠ ᠶ᠋ᠢᠨ ᠳᠦᠷᠢᠮ
- 7.1 ᠮᠡᠳᠡᠭᠡ ᠵᠠᠩᠭᠢ ᠶ᠋ᠢᠨ ᠠᠭᠤᠯᠭᠠ ᠶ᠋ᠢᠨ ᠳᠦᠷᠢᠮ
- 7.1.1 ᠡᠨᠳᠡ ᠶᠠᠷᠢᠵᠣ ᠪᠠᠶ᠋ᠢᠭᠠ ᠮᠡᠳᠡᠭᠡ ᠵᠠᠩᠭᠢ ᠶ᠋ᠢᠨ ᠠᠭᠤᠯᠭᠠ ᠪᠣᠯ ᠬᠡᠷᠡᠭᠯᠡᠭᠴᠢᠳ ︽ ANDA Club ︾ ᠢ ᠬᠡᠷᠡᠭᠯᠡᠬᠦ ᠬᠤᠭᠤᠴᠠᠭᠠᠨ ᠳ᠋ᠤ ᠦᠢᠯᠡᠳᠦᠭᠰᠡᠨ ᠂ ᠬᠠᠭᠤᠯᠤᠭᠰᠠᠨ ᠂ ᠨᠡᠶ᠋ᠢᠲᠡᠯᠡᠭᠰᠡᠨ ᠂ ᠲᠠᠷᠬᠠᠭᠠᠭᠰᠠᠨ ᠪᠦᠬᠦ ᠠᠭᠤᠯᠭᠠ ᠶ᠋ᠢ ᠵᠢᠭᠠᠵᠤ ᠂ ANDA Club ᠳ᠋ᠣᠭᠠᠷ ᠤᠨ ᠰᠡᠭᠦᠳᠡᠷ ᠂ ᠨᠡᠷᠡ ᠂ ᠬᠡᠷᠡᠭᠯᠡᠭᠴᠢ ᠶ᠋ᠢᠨ ᠳᠤᠳᠤᠷᠬᠠᠶ᠋ᠢᠯᠠᠯᠲᠠ ᠵᠡᠷᠭᠡ ᠳᠠᠩᠰᠠᠯᠠᠭᠤᠯᠬᠤ ᠳ᠋ᠤ ᠬᠡᠷᠡᠭᠯᠡᠬᠦ ᠮᠡᠳᠡᠭᠡ ᠵᠠᠩᠭᠢ ᠪᠤᠶᠤ ᠦᠰᠦᠭ ᠪᠢᠴᠢᠭ ᠂ ᠵᠢᠷᠤᠭ ᠰᠡᠭᠦᠳᠡᠷ ᠂ ᠳᠠᠭᠤᠤ ᠳᠦᠷᠰᠦ ᠪᠢᠴᠢᠯᠭᠡ ᠵᠡᠷᠭᠡ ᠦᠢᠯᠡᠴᠢᠯᠡᠭᠡ ᠶ᠋ᠢ ᠬᠡᠷᠡᠭᠯᠡᠬᠦ ᠬᠤᠭᠤᠴᠠᠭᠠᠨ ᠳ᠋ᠤ ᠡᠭᠦᠰᠬᠦ ᠠᠭᠤᠯᠭᠠ ᠃
- 7.1.2 ︽ ANDA Club ︾ ᠬᠡᠷᠡᠭᠯᠡᠭᠴᠢᠳ ᠲᠤ ᠪᠤᠯᠪᠠᠰᠤᠨ ᠂ ᠳᠦᠷᠢᠮᠵᠢᠭᠰᠡᠨ ᠂ ᠡᠮᠬᠢ ᠵᠢᠷᠤᠮ ᠲᠠᠢ ᠰᠦᠯᠵᠢᠶᠡᠨ ᠤ ᠣᠷᠴᠢᠨ ᠢ ᠬᠠᠩᠭᠠᠵᠤ ᠥᠭᠬᠦ ᠪᠠᠷ ᠲᠠᠰᠤᠷᠠᠯᠲᠠ ᠦᠬᠡᠢ ᠴᠢᠷᠮᠠᠶ᠋ᠢᠭᠰᠠᠭᠠᠷ ᠃ ᠲᠠ ANDA Club ᠳ᠋ᠤᠭᠠᠷ ᠪᠤᠶᠤ ANDA Club ᠤᠨ ᠦᠢᠯᠡᠴᠢᠯᠡᠬᠡ ᠶ᠋ᠢ ᠠᠰᠢᠭᠯᠠᠵᠤ ANDA Club ᠤᠨ ᠬᠡᠪ ᠢᠶᠠᠷ ᠡᠵᠡᠩᠨᠡᠬᠦ ᠶ᠋ᠢ ᠬᠠᠷᠰᠢᠯᠠᠬᠤ ᠵᠢᠴᠢ ᠪᠤᠰᠤᠳ ᠬᠡᠷᠡᠭᠯᠡᠭᠴᠢ ᠪᠤᠶᠤ ᠭᠤᠷᠪᠠᠳᠠᠭᠴᠢ ᠲᠠᠯᠠ ᠶ᠋ᠢᠨ ᠬᠠᠤᠯᠢ ᠶᠤᠰᠤᠨ ᠤ ᠡᠷᠬᠡ ᠠᠰᠢᠭ ᠲᠤ ᠬᠠᠯᠳᠠᠬᠤ ᠠᠭᠤᠯᠭᠠ ᠶ᠋ᠢ ᠦᠢᠯᠡᠳᠬᠦ ᠂ ᠨᠡᠶ᠋ᠢᠲᠡᠯᠡᠬᠦ ᠪᠤᠶᠤ ᠲᠠᠷᠬᠠᠭᠠᠵᠤ ᠪᠣᠯᠬᠣ ᠦᠬᠡᠢ ᠃ ᠳᠠᠷᠠᠭᠠᠴᠢ ᠶ᠋ᠢᠨ ᠵᠤᠷᠪᠤᠰ ᠲᠤ ᠨᠠᠷᠢᠯᠢᠭ ᠲᠠᠶ᠋ᠢᠯᠪᠤᠷᠢᠯᠠᠨᠠ ᠃
- 7.1.2.1 ᠤᠯᠤᠰ ᠤᠨ ᠬᠠᠤᠯᠢ ᠳᠦᠷᠢᠮ ᠢ ᠵᠦᠷᠢᠴᠠᠭᠰᠡᠨ ᠪᠤᠶᠤ ᠬᠠᠤᠯᠢ ᠳ᠋ᠤ ᠲᠤᠭᠳᠠᠭᠠᠵᠤ ᠴᠠᠭᠠᠵᠠᠯᠠᠭᠰᠠᠨ ᠠᠭᠤᠯᠭᠠ ᠶ᠋ᠢ ᠨᠠᠶ᠋ᠢᠷᠠᠭᠤᠯᠵᠤ ᠂ ᠬᠠᠭᠤᠯᠵᠤ ᠂ ᠨᠡᠶ᠋ᠢᠲᠡᠯᠡᠵᠦ ᠂ ᠲᠠᠷᠬᠠᠭᠠᠵᠤ ᠪᠣᠯᠬᠤ ᠦᠭᠡᠢ ᠃ ᠬᠡᠷᠪᠡ ᠳᠦᠷᠢᠮ ᠡᠴᠠ ᠵᠦᠷᠢᠴᠡᠪᠡᠯ ᠠᠨᠢᠰᠤ ᠺᠤᠮᠫᠠᠨᠢ ᠡᠴᠠ ᠲᠠᠨ ᠤ ANDA Club ᠳ᠋ᠤᠭᠠᠷ ᠢ ᠵᠤᠭᠰᠤᠭᠠᠬᠤ ᠡᠷᠬᠡ ᠲᠠᠢ ︵ ᠲᠤᠤᠷᠠᠬᠢ ᠠᠭᠤᠯᠭᠠ ᠪᠠᠭᠲᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠬᠡᠢ ︶ ᠄
- ︵ 1 ︶ ᠦᠨᠳᠦᠰᠦᠨ ᠬᠠᠤᠯᠢ ᠳ᠋ᠤ ᠲᠤᠭᠳᠠᠭᠠᠭᠰᠠᠨ ᠦᠨᠳᠦᠰᠦᠨ ᠵᠠᠷᠴᠢᠮ ᠢ ᠵᠦᠷᠢᠴᠡᠬᠦ ᠃
- ︵ 2 ︶ ᠤᠯᠤᠰ ᠤᠷᠤᠨ ᠤ ᠠᠮᠤᠷ ᠲᠦᠪᠰᠢᠨ ᠳ᠋ᠤ ᠰᠦᠷᠳᠡᠬᠦᠯᠦᠯ ᠪᠣᠯᠬᠤ ᠂ ᠤᠯᠤᠰ ᠤᠷᠤᠨ ᠤ ᠨᠢᠭᠤᠴᠠ ᠶ᠋ᠢ ᠵᠠᠳᠠᠷᠠᠭᠤᠯᠬᠤ ᠂ ᠲᠥᠷᠦ ᠶ᠋ᠢᠨ ᠡᠷᠬᠡ ᠲᠠᠢ ᠬᠠᠯᠳᠠᠬᠤ ᠂ ᠤᠯᠤᠰ ᠣᠷᠤᠨ ᠤ ᠨᠢᠭᠡᠳᠦᠯ ᠢ ᠡᠪᠳᠡᠬᠦ ᠃
- ︵ 3 ︶ ᠤᠯᠤᠰ ᠤᠷᠤᠨ ᠤ ᠨᠡᠷᠡ ᠬᠦᠨᠳᠦ ᠂ ᠠᠰᠢᠭ ᠲᠤᠰᠠ ᠶ᠋ᠢ ᠬᠤᠬᠢᠷᠠᠭᠤᠯᠬᠤ ᠃
- ︵ 4 ︶ ᠦᠨᠳᠦᠰᠦᠲᠡᠨ ᠤ ᠪᠦᠯᠬᠦᠮᠳᠡᠯ ᠢ ᠡᠪᠳᠡᠬᠦ ᠃
- ︵ 5 ︶ ᠤᠯᠤᠰ ᠤᠷᠤᠨ ᠤ ᠱᠠᠰᠢᠨ ᠰᠢᠲᠦᠯᠭᠡ ᠶ᠋ᠢᠨ ᠲᠥᠷᠦ ᠶ᠋ᠢᠨ ᠪᠣᠳᠤᠯᠭᠠ ᠶ᠋ᠢ ᠡᠪᠳᠡᠬᠦ ᠂ ᠭᠠᠵᠢᠭᠤ ᠨᠤᠮᠯᠠᠯ ᠪᠤᠯᠤᠨ ᠮᠤᠬᠤᠷ ᠰᠦᠰᠦᠭ ᠢ ᠤᠬᠠᠭᠤᠯᠤᠨ ᠰᠤᠷᠲᠠᠯᠴᠢᠯᠠᠬᠤ ᠃
- ︵ 6 ︶ ᠴᠤᠤᠷᠬᠠᠯ ᠲᠠᠷᠬᠠᠭᠠᠬᠤ ᠂ ᠨᠡᠶ᠋ᠢᠭᠡᠮ ᠤᠨ ᠡᠮᠬᠢ ᠲᠢᠭᠯᠢᠮ ᠢ ᠬᠠᠷᠰᠢᠯᠠᠬᠤ ᠂ ᠨᠡᠶ᠋ᠢᠭᠡᠮ ᠤᠨ ᠠᠮᠤᠷ ᠲᠤᠭᠳᠠᠭᠤᠨ ᠢ ᠡᠪᠳᠡᠬᠦ ᠃
- ︵ 7 ︶ ᠪᠣᠯᠬᠢ ᠪᠦᠳᠦᠭᠦᠯᠢᠭ ᠂ ᠰᠠᠳᠣᠷ ᠰᠠᠮᠠᠭᠤᠨ ᠂ ᠱᠠᠯᠢᠭ ᠵᠠᠪᠬᠠᠢ ᠂ ᠵᠤᠭᠤᠰ ᠮᠦᠷᠣᠶᠢᠴᠡᠬᠦ ᠂ ᠬᠦᠴᠦᠷᠬᠡᠭᠯᠡᠨ ᠰᠦᠷᠳᠡᠭᠦᠯᠬᠦ ᠪᠤᠶᠤ ᠶᠠᠯᠠ ᠬᠢᠬᠦ ᠶ᠋ᠢ ᠦᠳᠦᠭᠡᠬᠦ ᠃
- ︵ 8 ︶ ᠪᠤᠰᠤᠳ ᠢ ᠭᠤᠲᠤᠭᠠᠨ ᠳᠤᠷᠤᠮᠵᠢᠯᠠᠬᠤ ᠪᠤᠶᠤ ᠭᠦᠳᠬᠡᠬᠦ ᠂ ᠬᠠᠤᠯᠢ ᠶᠤᠰᠤᠨ ᠤ ᠡᠷᠬᠡ ᠠᠰᠢᠭ ᠲᠠᠢ ᠨᠢ ᠬᠠᠯᠳᠠᠬᠤ ᠃
- ︵ 9 ︶ ᠬᠠᠤᠯᠢ ᠪᠤᠰᠤ ᠪᠠᠷ ᠴᠤᠭᠯᠠᠭᠠᠨ ᠬᠢᠬᠦ ᠂ ᠵᠢᠭᠰᠠᠭᠠᠯ ᠶᠠᠪᠤᠭᠤᠯᠬᠤ ᠂ ᠰᠦᠷ ᠦᠵᠡᠬᠦᠯᠬᠦ ᠂ ᠤᠯᠠᠨ ᠢ ᠴᠤᠭᠯᠠᠭᠤᠯᠵᠤ ᠨᠡᠶ᠋ᠢᠭᠡᠮ ᠤᠨ ᠡᠮᠬᠢ ᠲᠢᠭᠯᠢᠮ ᠢ ᠡᠪᠳᠡᠬᠦ ᠃
- ︵ 10 ︶ ᠬᠠᠤᠯᠢ ᠪᠤᠰᠤ ᠵᠤᠬᠢᠶᠠᠨ ᠪᠠᠶ᠋ᠢᠭᠤᠯᠤᠯᠲᠠ ᠶ᠋ᠢᠨ ᠨᠡᠷᠡ ᠪᠠᠷ ᠬᠦᠳᠡᠯᠭᠡᠭᠡᠨ ᠦᠷᠨᠢᠬᠦᠯᠬᠦ ᠃
- ︵ 11 ︶ ︽ ᠴᠠᠬᠢᠮ ᠴᠢᠮᠡᠭᠡ ᠬᠤᠯᠪᠤᠭᠠᠨ ᠤ ᠪᠠᠭᠠᠵᠢ ᠶ᠋ᠢᠨ ᠨᠡᠶᠢᠲᠡ ᠶ᠋ᠢᠨ ᠰᠤᠷᠠᠭ ᠴᠢᠮᠡᠭᠡᠨ ᠤ ᠦᠢᠯᠡᠴᠢᠯᠡᠭᠡ ᠬᠠᠮᠢᠶᠠᠷᠤᠯᠲᠠ ᠶ᠋ᠢᠨ ᠲᠦᠷ ᠲᠤᠭᠳᠠᠭᠠᠯ ︾ ᠵᠢᠴᠢ ᠬᠠᠤᠯᠢ ᠴᠠᠭᠠᠵᠠ ᠳᠦᠷᠢᠮ ᠲᠤᠭᠳᠠᠭᠠᠯ ᠢ ᠵᠦᠷᠢᠴᠡᠬᠦ ᠂ ᠨᠡᠶ᠋ᠢᠭᠡᠮ ᠵᠢᠷᠤᠮᠲᠤ ᠪᠠᠶ᠋ᠢᠭᠤᠯᠤᠯ ᠂ ᠤᠯᠤᠰ ᠤᠷᠤᠨ ᠤ ᠠᠰᠢᠭ ᠲᠤᠰᠠ ᠂ ᠢᠷᠭᠡᠨ ᠤ ᠬᠠᠤᠯᠢ ᠶᠤᠰᠤᠨ ᠤ ᠠᠰᠢᠭ ᠲᠤᠰᠠ ᠂ ᠨᠡᠶ᠋ᠢᠲᠡ ᠶ᠋ᠢᠨ ᠡᠮᠬᠢ ᠵᠢᠷᠤᠮ ᠂ ᠨᠡᠶ᠋ᠢᠭᠡᠮ ᠤᠨ ᠶᠤᠰᠤᠨ ᠰᠤᠷᠲᠠᠬᠤᠨ ᠂ ᠬᠡᠪ ᠵᠠᠩᠰᠢᠯ ᠪᠤᠯᠤᠨ ᠮᠡᠳᠡᠭᠡ ᠵᠠᠩᠭᠢ ᠶ᠋ᠢᠨ ᠦᠨᠡᠨ ᠪᠤᠳᠠᠳᠤ ᠴᠢᠨᠠᠷ ᠵᠡᠷᠭᠡ ︽ ᠲᠤᠯᠤᠭᠠᠨ ᠵᠤᠷᠪᠤᠰ ᠱᠠᠭᠠᠷᠳᠠᠯᠭᠠ ︾ ᠳ᠋ᠤ ᠨᠡᠶ᠋ᠢᠴᠡᠬᠦ ᠦᠬᠡᠢ ᠃
- ︵ 12 ︶ ᠦᠨᠳᠦᠰᠦᠲᠡᠨ ᠤ ᠬᠡᠷᠡᠭ ᠶᠠᠪᠤᠳᠠᠯ ᠵᠢᠴᠢ ᠤᠷᠴᠢᠨ ᠲᠤᠭᠤᠷᠢᠨ ᠤ ᠲᠤᠬᠠᠢ ᠠᠰᠠᠭᠤᠳᠠᠯ ︵ ᠡᠨᠡᠬᠦ ᠠᠰᠠᠭᠤᠳᠠᠯ ᠢ ᠬᠠᠮᠢᠶᠠ ᠪᠦᠬᠦᠢ ᠰᠠᠯᠠᠭᠠ ᠮᠦᠴᠢᠷ ᠲᠤ ᠰᠢᠭᠤᠳ ᠳᠤᠰᠬᠠᠬᠤ ᠬᠡᠷᠡᠭᠲᠡᠢ ︶ ᠃
- ︵ 13 ︶ ᠬᠠᠤᠯᠢ ᠴᠠᠭᠠᠵᠠ ᠳᠦᠷᠢᠮ ᠲᠤᠭᠳᠠᠭᠠᠯ ᠳ᠋ᠤ ᠴᠠᠭᠠᠵᠠᠯᠠᠭᠰᠠᠨ ᠪᠤᠰᠤᠳ ᠠᠭᠤᠯᠭᠠ ᠃
- 7.1.2.2 ᠦᠬᠡᠷᠡ ᠪᠤᠰᠤᠳ ᠤᠨ ᠨᠡᠷᠡ ᠬᠦᠨᠳᠦ ᠶ᠋ᠢᠨ ᠡᠷᠬᠡ ᠂ ᠬᠦᠷᠦᠭ ᠳᠥᠷᠢ ᠶ᠋ᠢᠨ ᠡᠷᠬᠡ ᠂ ᠤᠶᠤᠨ ᠤ ᠥᠮᠴᠢ ᠶ᠋ᠢᠨ ᠡᠷᠬᠡ ᠂ ᠬᠤᠳᠠᠯᠳᠤᠭᠠᠨ ᠤ ᠨᠢᠭᠤᠴᠠ ᠵᠡᠷᠭᠡ ᠬᠠᠤᠯᠢ ᠶᠤᠰᠤᠨ ᠤ ᠡᠷᠬᠡ ᠠᠰᠢᠭ ᠢ ᠬᠤᠬᠢᠷᠠᠭᠤᠯᠬᠤ ᠠᠭᠤᠯᠭᠠ ᠶ᠋ᠢ ᠨᠡᠶ᠋ᠢᠲᠡᠯᠡᠬᠦ ᠂ ᠳᠠᠮᠵᠢᠭᠤᠯᠬᠤ ᠂ ᠳᠠᠷᠬᠠᠭᠠᠬᠤ ᠂ ᠬᠠᠳᠠᠭᠠᠯᠠᠬᠤ ᠃
- 7.1.2.3 ᠪᠤᠰᠤᠳ ᠤᠨ ᠬᠤᠪᠢ ᠶ᠋ᠢᠨ ᠨᠢᠭᠤᠴᠠ ᠂ ᠮᠡᠳᠡᠭᠡ ᠵᠠᠩᠭᠢ ᠪᠤᠶᠤ ᠮᠠᠲ᠋ᠧᠷᠢᠶᠠᠯ ᠲᠠᠢ ᠬᠤᠯᠪᠤᠭᠳᠠᠬᠤ ᠃
- 7.1.2.4 ᠪᠤᠰᠤᠳ ᠬᠠᠤᠯᠢ ᠴᠠᠭᠠᠵᠠ ᠳᠦᠷᠢᠮ ᠲᠤᠭᠳᠠᠭᠠᠯ ᠂ ᠲᠥᠷᠦ ᠶ᠋ᠢᠨ ᠪᠣᠳᠤᠯᠭᠠ ᠂ ᠨᠡᠶ᠋ᠢᠲᠡ ᠶ᠋ᠢᠨ ᠡᠮᠬᠢ ᠵᠢᠷᠤᠮ ᠂ ᠨᠡᠶ᠋ᠢᠭᠡᠮ ᠨᠡᠶ᠋ᠢᠲᠡ ᠶ᠋ᠢᠨ ᠶᠤᠰᠤ ᠰᠤᠷᠲᠠᠬᠤᠨ ᠢ ᠵᠦᠷᠢᠴᠡᠬᠦ ᠪᠤᠶᠤ ︽ ANDA Club ︾ ᠤᠨ ᠬᠡᠪ ᠢᠶᠠᠷ ᠡᠵᠡᠩᠨᠡᠬᠦ ᠶ᠋ᠢ ᠬᠠᠷᠰᠢᠯᠠᠬᠤ ᠂ ᠪᠤᠰᠤᠳ ᠬᠡᠷᠡᠭᠯᠡᠭᠴᠢ ᠪᠤᠯᠤᠨ ᠭᠤᠷᠪᠠᠳᠠᠭᠴᠢ ᠲᠠᠯᠠ ᠶ᠋ᠢᠨ ᠬᠠᠤᠯᠢ ᠶᠤᠰᠤᠨ ᠤ ᠡᠷᠬᠡ ᠠᠰᠢᠭ ᠢ ᠬᠤᠬᠢᠷᠠᠭᠤᠯᠬᠤ ᠠᠭᠤᠯᠭᠠ ᠲᠠᠢ ᠮᠡᠳᠡᠭᠡ ᠵᠠᠩᠭᠢ ᠃
- 7.2 ᠰᠤᠹᠲ ᠶ᠋ᠢ ᠬᠡᠷᠡᠭᠯᠡᠬᠦ ᠳᠦᠷᠢᠮ
- 7.2.1 ᠬᠠᠤᠯᠢ ᠴᠠᠭᠠᠵᠠ ᠤᠨ ᠵᠦᠪᠰᠢᠶᠡᠷᠡᠯ ᠪᠠ ᠠᠨᠢᠰᠤ ᠺᠤᠮᠫᠠᠨᠢ ᠶ᠋ᠢᠨ ᠵᠦᠪᠰᠢᠶᠡᠷᠡᠯ ᠦᠬᠡᠢ ᠪᠠᠷ ᠲᠠ ︽ ANDA Club ︾ ᠢ ᠬᠡᠷᠡᠭᠯᠡᠬᠦ ᠬᠤᠭᠤᠴᠠᠭᠠᠨ ᠳ᠋ᠤ ᠳᠤᠤᠷᠠᠬᠢ ᠦᠢᠯᠡ ᠠᠵᠢᠯᠯᠠᠭᠠ ᠶ᠋ᠢ ᠬᠢᠵᠦ ᠪᠤᠯᠬᠤ ᠦᠬᠡᠢ ᠄
- ︵ 1 ︶ ᠲᠤᠰ ᠰᠤᠹᠲ ᠪᠤᠯᠤᠨ ᠬᠠᠭᠤᠯᠪᠤᠷᠢ ᠳ᠋ᠠᠬᠢ ᠵᠤᠬᠢᠶᠠᠨ ᠪᠦᠲᠦᠭᠡᠭᠴᠢ ᠶ᠋ᠢᠨ ᠡᠷᠬᠡ ᠶ᠋ᠢᠨ ᠮᠡᠳᠡᠭᠡ ᠵᠠᠩᠭᠢ ᠶ᠋ᠢ ᠬᠠᠰᠤᠵᠤ ᠪᠣᠯᠬᠤ ᠦᠬᠡᠢ ᠃
- ︵ 2 ︶ ᠠᠨᠢᠰᠤ ᠺᠤᠮᠫᠠᠨᠢ ᠶ᠋ᠢᠨ ᠵᠦᠪᠰᠢᠶᠡᠷᠡᠯ ᠦᠭᠡᠢ ᠪᠠᠷ ᠫᠷᠤᠭᠷᠠᠮ ᠳ᠋ᠤ ᠵᠠᠳᠠᠯᠤᠯᠲᠠ ᠬᠢᠵᠦ ᠪᠣᠯᠬᠤ ᠦᠭᠡᠢ ᠃
- ︵ 3 ︶ ᠠᠨᠢᠰᠤ ᠺᠤᠮᠫᠠᠨᠢ ᠶ᠋ᠢᠨ ᠤᠶᠤᠨ ᠤ ᠦᠮᠴᠢ ᠶ᠋ᠢᠨ ᠡᠷᠬᠡ ᠲᠠᠢ ᠠᠭᠤᠯᠭᠠ ᠶ᠋ᠢ ᠳᠠᠮᠵᠢᠭᠤᠯᠤᠨ ᠲᠦᠷᠢᠶᠡᠰᠦᠯᠡᠬᠦ ᠂ ᠵᠢᠭᠡᠯᠡᠭᠦᠯᠬᠦ ᠂ ᠬᠠᠭᠤᠯᠬᠤ ᠂ ᠵᠠᠰᠠᠪᠤᠷᠢ ᠤᠷᠤᠭᠤᠯᠬᠤ ᠂ ᠬᠣᠷᠢᠶᠠᠩᠭᠣᠶᠢᠯᠠᠬᠣ ᠂ ᠨᠡᠶᠢᠲᠡᠯᠡᠬᠦ ᠂ ᠬᠡᠪᠯᠡᠬᠦ ᠵᠡᠷᠭᠡ ᠪᠠᠷ ᠠᠰᠢᠭᠯᠠᠵᠤ ᠪᠣᠯᠬᠤ ᠦᠭᠡᠢ ᠃
- ︵ 4 ︶ ᠠᠨᠢᠰᠤ ᠺᠤᠮᠫᠠᠨᠢ ᠡᠴᠠ ᠡᠷᠬᠡᠵᠢᠬᠦᠯᠦᠭᠰᠡᠨ ᠦᠭᠡᠢ ᠪᠤᠰᠤᠳ ᠦᠢᠯᠡ ᠠᠵᠢᠯᠯᠠᠭᠠ ᠶᠠᠪᠤᠭᠤᠯᠵᠤ ᠪᠣᠯᠬᠤ ᠦᠭᠡᠢ ᠃
- 7.2.2 ANDA Club ᠪᠤᠯᠤᠨ ᠪᠤᠰᠤᠳ ᠦᠢᠯᠡᠴᠢᠯᠡᠭᠡᠨ ᠤ ᠲᠠᠪᠴᠠᠩ ᠤᠨ ᠡᠵᠡᠩᠨᠡᠯᠲᠡ ᠶ᠋ᠢᠨ ᠠᠮᠤᠷ ᠲᠦᠪᠰᠢᠨ ᠂ ᠳᠦᠷᠢᠮ ᠲᠤᠭᠳᠠᠭᠠᠯ ᠂ ᠱᠠᠭᠠᠷᠳᠠᠯᠭᠠ ᠵᠢᠴᠢ ᠡᠷᠡᠬᠦᠯ ᠢᠶᠠᠷ ᠬᠦᠭᠵᠢᠬᠦ ᠳ᠋ᠤ ᠰᠠᠭᠤᠷᠢᠯᠠᠵᠤ ᠂ ᠠᠨᠢᠰᠤ ᠺᠤᠮᠫᠠᠨᠢ ᠦᠢᠯᠡᠴᠢᠯᠡᠭᠡ ᠬᠠᠩᠭᠠᠬᠤ ᠡᠲᠡᠭᠡᠳ ᠢᠶᠡᠨ ᠰᠤᠩᠭᠤᠬᠤ ᠡᠷᠬᠡ ᠂ ᠴᠢᠳᠠᠮᠵᠢ ᠪᠠᠨ ᠲᠤᠬᠢᠷᠠᠭᠤᠯᠬᠤ ᠡᠷᠬᠡ ᠲᠠᠢ ︵ ᠲᠤᠤᠷᠠᠬᠢ ᠪᠠᠶᠢᠳᠠᠯ ᠪᠠᠭᠲᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠬᠡᠢ ︶ ᠃
- ︵ 1 ︶ ᠬᠠᠤᠯᠢ ᠴᠠᠭᠠᠵᠠ ᠳᠦᠷᠢᠮ ᠲᠤᠭᠳᠠᠭᠠᠯ ᠪᠤᠶᠤ ᠲᠤᠰ ᠭᠡᠷᠡ ᠶ᠋ᠢ ᠵᠦᠷᠢᠴᠡᠬᠦ ᠃
- ︵ 2 ︶ ᠦᠢᠯᠡᠴᠢᠯᠡᠭᠡ ᠶ᠋ᠢ ᠨᠦᠯᠦᠭᠡᠯᠡᠬᠦ ᠃
- ︵ 3 ︶ ᠠᠮᠤᠷ ᠲᠦᠪᠰᠢᠨ ᠤ ᠠᠰᠠᠭᠤᠳᠠᠯ ᠤᠷᠤᠰᠢᠵᠤ ᠪᠠᠶᠢᠬᠣ ᠃
- ︵ 4 ︶ ︽ ANDA Club ︾ ᠪᠤᠯᠤᠨ ᠪᠤᠰᠤᠳ ᠦᠢᠯᠡᠴᠢᠯᠡᠭᠡᠨ ᠤ ᠲᠠᠪᠴᠠᠩ ᠤᠨ ᠡᠵᠡᠩᠨᠡᠬᠦ ᠵᠠᠷᠴᠢᠮ ᠢ ᠵᠦᠷᠢᠴᠡᠬᠦ ᠪᠤᠶᠤ ᠠᠨᠢᠰᠤ ᠺᠤᠮᠫᠠᠨᠢ ᠶ᠋ᠢᠨ ᠬᠠᠮᠢᠶᠠᠷᠤᠯᠲᠠ ᠶ᠋ᠢᠨ ᠱᠠᠭᠠᠷᠳᠠᠯᠭᠠ ᠲᠠᠢ ᠨᠡᠶᠢᠴᠡᠬᠦ ᠦᠭᠡᠢ ᠃
- 7.3 ᠦᠢᠯᠡᠴᠢᠯᠡᠭᠡᠨ ᠤ ᠡᠵᠡᠩᠨᠡᠯᠲᠡ ᠶ᠋ᠢᠨ ᠳᠦᠷᠢᠮ
- ᠲᠠ ᠲᠤᠰ ᠦᠢᠯᠡᠴᠢᠯᠡᠭᠡ ᠶ᠋ᠢ ᠬᠡᠷᠡᠭᠯᠡᠵᠦ ᠪᠠᠶᠢᠬᠤ ᠬᠤᠭᠤᠴᠠᠭᠠᠨ ᠳ᠋ᠤ ᠬᠠᠤᠯᠢ ᠴᠠᠭᠠᠵᠠ ᠶ᠋ᠢᠨ ᠵᠦᠪᠰᠢᠶᠡᠷᠡᠯ ᠪᠤᠶᠤ ᠠᠨᠢᠰᠤ ᠺᠤᠮᠫᠠᠨᠢ ᠶ᠋ᠢᠨ ᠵᠦᠪᠰᠢᠶᠡᠷᠡᠯ ᠦᠭᠡᠢ ᠪᠠᠷ ᠳᠤᠤᠷᠠᠬᠢ ᠦᠢᠯᠡ ᠠᠵᠢᠯᠯᠠᠭᠠ ᠶ᠋ᠢ ᠬᠢᠵᠦ ᠪᠣᠯᠬᠤ ᠦᠬᠡᠢ ᠃
- 7.3.1 ᠬᠤᠳᠠᠯ ᠬᠠᠭᠤᠷᠮᠠᠭ ᠮᠡᠳᠡᠭᠡ ᠵᠠᠩᠭᠢ ᠨᠡᠶ᠋ᠢᠲᠡᠯᠡᠬᠦ ᠪᠤᠶᠤ ᠪᠤᠰᠤᠳ ᠤᠨ ᠨᠡᠷᠡ ᠶ᠋ᠢ ᠠᠰᠢᠭᠯᠠᠨ ᠬᠠᠤᠯᠢ ᠪᠤᠰᠤ ᠠᠵᠢᠯᠯᠠᠭᠠ ᠬᠢᠬᠦ ᠃
- 7.3.2 ᠪᠤᠰᠤᠳ ᠬᠡᠷᠡᠭᠯᠡᠭᠴᠢ ᠶ᠋ᠢ ᠦᠳᠦᠬᠡᠵᠦ ᠰᠦᠯᠵᠢᠶᠡᠨ ᠨᠢᠭᠤᠷ ᠲᠤ ᠣᠷᠤᠬᠤ ᠂ ᠮᠡᠳᠡᠭᠡ ᠵᠠᠩᠭᠢ ᠬᠤᠪᠢᠶᠠᠯᠴᠠᠬᠤ ᠃
- 7.3.3 ᠬᠠᠭᠤᠷᠮᠠᠭ ᠶᠠᠪᠤᠳᠠᠯ ᠵᠤᠬᠢᠶᠠᠵᠤ ᠂ ᠦᠨᠡᠨ ᠪᠠᠶᠢᠳᠠᠯ ᠢ ᠨᠢᠭᠤᠵᠤ ᠂ ᠪᠤᠰᠤᠳ ᠢ ᠮᠡᠭᠡᠯᠡᠬᠦ ᠃
- 7.3.4 ᠪᠤᠰᠤᠳ ᠤᠨ ᠨᠡᠷᠡ ᠬᠦᠨᠳᠦ ᠶ᠋ᠢᠨ ᠡᠷᠬᠡ ᠂ ᠬᠦᠷᠦᠭ ᠳᠦᠷᠢ ᠶ᠋ᠢᠨ ᠡᠷᠬᠡ ᠂ ᠤᠶᠤᠨ ᠤ ᠥᠮᠴᠢ ᠶ᠋ᠢᠨ ᠡᠷᠬᠡ ᠂ ᠬᠤᠳᠠᠯᠳᠤᠭᠠᠨ ᠤ ᠨᠢᠭᠤᠴᠠ ᠵᠡᠷᠭᠡ ᠬᠠᠤᠯᠢ ᠶᠤᠰᠤᠨ ᠤ ᠡᠷᠬᠡ ᠠᠰᠢᠭ ᠲᠠᠢ ᠬᠠᠯᠳᠠᠬᠤ ᠃
- 7.3.5 ᠠᠨᠢᠰᠤ ᠺᠤᠮᠫᠠᠨᠢ ᠶ᠋ᠢᠨ ᠵᠦᠪᠰᠢᠶᠡᠷᠡᠯ ᠦᠭᠡᠢ ᠪᠠᠷ ANDA Club ᠤᠨ ᠳᠠᠩᠰᠠᠨ ᠳ᠋ᠤᠭᠠᠷ ᠂ ᠶᠠᠮᠠᠷᠪᠠ ᠴᠢᠳᠠᠮᠵᠢ ᠪᠤᠶᠤ ᠭᠤᠷᠪᠠᠳᠠᠭᠴᠢ ᠲᠠᠯᠠ ᠶ᠋ᠢᠨ ᠲᠠᠪᠴᠠᠩ ᠢ ᠠᠰᠢᠭᠯᠠᠵᠤ ᠰᠤᠷᠲᠠᠯᠴᠢᠯᠠᠭᠠ ᠬᠢᠬᠦ ᠃
- 7.3.6 ANDA Club ᠤᠨ ᠳᠠᠩᠰᠠᠨ ᠳ᠋ᠤᠭᠠᠷ ᠪᠤᠶᠤ ᠦᠢᠯᠡᠴᠢᠯᠡᠭᠡ ᠶ᠋ᠢ ᠠᠰᠢᠭᠯᠠᠵᠤ ᠬᠠᠤᠯᠢ ᠡᠴᠠ ᠵᠦᠷᠢᠴᠡᠬᠦ ᠠᠵᠢᠯ ᠬᠢᠬᠦ ᠂ ᠶᠠᠯᠠ ᠬᠢᠬᠦ ᠃
- 7.3.7 ᠳᠡᠭᠡᠷᠡᠬᠢ ᠦᠢᠯᠡ ᠠᠵᠢᠯᠯᠠᠭᠠ ᠲᠠᠢ ᠬᠤᠯᠪᠤᠭᠳᠠᠯ ᠪᠦᠬᠦᠢ ᠠᠷᠭᠠ ᠠᠪᠴᠠᠯ ᠂ ᠪᠠᠭᠠᠵᠢ ᠶ᠋ᠢ ᠦᠢᠯᠡᠳᠬᠦ ᠂ ᠨᠡᠶ᠋ᠢᠲᠡᠯᠡᠬᠦ ᠪᠤᠶᠤ ᠡᠨᠡ ᠲᠦᠷᠦᠯ ᠤᠨ ᠠᠷᠭᠠ ᠠᠪᠴᠠᠯ ᠂ ᠪᠠᠭᠠᠵᠢ ᠶ᠋ᠢ ᠡᠵᠡᠩᠨᠡᠬᠦ ᠂ ᠳᠠᠷᠬᠠᠭᠠᠬᠤ ︵ ᠢᠩᠭᠢᠵᠦ ᠬᠢᠬᠦ ᠶ᠋ᠢᠨ ᠵᠣᠷᠢᠯᠭᠠ ᠨᠢ ᠬᠤᠳᠠᠯᠳᠤᠭᠠᠨ ᠤ ᠪᠤᠰᠤ ᠡᠰᠡᠬᠦ ᠶ᠋ᠢ ᠬᠠᠮᠢᠶᠠᠷᠬᠤ ᠦᠬᠡᠢ ︶ ᠃
- .3.8 ᠬᠠᠤᠯᠢ ᠴᠠᠭᠠᠵᠠ ᠳᠦᠷᠢᠮ ᠲᠤᠭᠳᠠᠭᠠᠯ ᠡᠴᠠ ᠵᠦᠷᠢᠴᠡᠬᠦ ᠂ ᠪᠤᠰᠤᠳ ᠬᠡᠷᠡᠭᠯᠡᠭᠴᠢ ᠶ᠋ᠢᠨ ᠬᠠᠤᠯᠢ ᠶᠤᠰᠤᠨ ᠤ ᠡᠷᠬᠡ ᠠᠰᠢᠭ ᠲᠠᠢ ᠬᠠᠯᠳᠠᠬᠤ ᠂ ANDA Club ᠶ᠋ᠢᠨ ᠬᠡᠪ ᠢᠶᠠᠷ ᠡᠵᠡᠩᠨᠡᠬᠦ ᠶ᠋ᠢ ᠬᠠᠷᠰᠢᠯᠠᠬᠤ ᠪᠤᠶᠤ ᠠᠨᠢᠰᠤ ᠺᠤᠮᠫᠠᠨᠢ ᠡᠴᠠ ᠡᠷᠬᠡ ᠡᠣᠯᠭᠤᠭᠰᠠᠨ ᠦᠭᠡᠢ ᠠᠵᠢᠯᠯᠠᠭᠠ ᠃
- 7.4 ᠦᠪᠡᠷ ᠤᠨ ᠦᠢᠯᠡ ᠠᠵᠢᠯᠯᠠᠭᠠ ᠳ᠋ᠤ ᠪᠠᠨ ᠬᠠᠷᠢᠭᠤᠴᠠᠬᠤ
- ᠲᠠ ᠡᠷᠬᠡᠪᠰᠢ ᠦᠪᠡᠷ ᠤᠨ ᠳᠠᠩᠰᠠᠯᠠᠭᠤᠯᠤᠭᠰᠠᠨ ᠳ᠋ᠤᠭᠠᠷ ᠳ᠋ᠠᠬᠢ ᠠᠯᠢᠪᠠ ᠦᠢᠯᠡ ᠠᠵᠢᠯᠯᠠᠭᠠ ᠳ᠋ᠤ ᠪᠠᠨ ᠬᠠᠷᠢᠭᠤᠴᠠᠬᠤ ᠬᠡᠷᠡᠭᠲᠡᠢ ᠃ ᠲᠠᠨ ᠤ ᠨᠡᠶᠢᠲᠡᠯᠡᠭᠰᠡᠨ ᠶᠠᠮᠠᠷᠪᠠ ᠠᠭᠤᠯᠭᠠ ᠂ ᠡᠭᠦᠨ ᠡᠴᠠ ᠪᠣᠯᠵᠤ ᠡᠭᠦᠰᠦᠭᠰᠡᠨ ᠶᠠᠮᠠᠷᠪᠠ ᠦᠷᠡ ᠳ᠋ᠦᠩ ᠪᠦᠷ ᠪᠠᠭᠲᠠᠨᠠ ᠃ ᠲᠠ ᠲᠤᠰ ᠦᠢᠯᠡᠴᠢᠯᠡᠭᠡᠨ ᠤ ᠠᠭᠤᠯᠭᠠ ᠳ᠋ᠤ ᠮᠠᠭᠠᠳᠯᠠᠯᠲᠠ ᠬᠢᠬᠦ ᠶ᠋ᠢᠨ ᠬᠠᠮᠲᠤ ᠠᠭᠤᠯᠭᠠ ᠶ᠋ᠢ ᠬᠡᠷᠡᠭᠯᠡᠭᠰᠡᠨ ᠡᠴᠠ ᠪᠣᠯᠵᠤ ᠡᠭᠦᠰᠴᠦ ᠮᠡᠳᠡᠬᠦ ᠠᠯᠢᠪᠠ ᠠᠶᠤᠯ ᠳ᠋ᠤ ᠬᠠᠷᠢᠭᠣᠴᠠᠯᠭᠠ ᠡᠭᠦᠷᠭᠡᠯᠡᠬᠦ ᠬᠡᠷᠡᠭᠲᠡᠢ ᠃ ᠠᠭᠤᠯᠭᠠ ᠶ᠋ᠢᠨ ᠵᠥᠪ ᠤᠨᠤᠪᠴᠢᠲᠤ ᠴᠢᠨᠠᠷ ᠂ ᠪᠦᠷᠢᠨ ᠪᠦᠲᠦᠨ ᠴᠢᠨᠠᠷ ᠂ ᠦᠢᠯᠡᠳᠦᠯᠭᠡᠲᠦ ᠴᠢᠨᠠᠷ ᠲᠤ ᠨᠠᠶ᠋ᠢᠳᠠᠭᠰᠠᠨ ᠡᠴᠠ ᠪᠣᠯᠵᠤ ᠡᠭᠦᠰᠦᠭᠰᠡᠨ ᠠᠯᠢᠪᠠ ᠠᠶᠤᠯ ᠪᠠᠭᠲᠠᠨᠠ ᠃ ᠠᠨᠢᠰᠤ ᠺᠤᠮᠫᠠᠨᠢ ᠳᠡᠭᠡᠷᠡ ᠳᠤᠷᠠᠳᠤᠭᠰᠠᠨ ᠶᠠᠮᠠᠷᠪᠠ ᠠᠶᠤᠯ ᠲᠦᠭᠰᠢᠬᠦᠷᠢ ᠡᠴᠠ ᠪᠤᠯᠵᠤ ᠡᠭᠦᠰᠦᠭᠰᠡᠨ ᠬᠤᠬᠢᠷᠠᠯ ᠳ᠋ᠤ ᠬᠠᠷᠢᠭᠤᠴᠠᠯᠭᠠ ᠡᠭᠦᠷᠭᠡᠯᠡᠬᠦ ᠦᠬᠡᠢ ᠃
- 7.5 ᠭᠡᠷᠡ ᠶ᠋ᠢ ᠵᠦᠷᠢᠴᠡᠪᠡᠯ ᠬᠡᠷᠬᠢᠨ ᠰᠢᠢᠳᠪᠦᠷᠢᠯᠡᠬᠦ ᠲᠤᠬᠠᠢ
- 7.5.1 ᠬᠡᠷᠪᠡ ᠠᠨᠢᠰᠤ ᠺᠤᠮᠫᠠᠨᠢ ᠂ ᠬᠡᠷᠡᠭᠯᠡᠭᠴᠢ ᠶ᠋ᠢᠨ ᠲᠤᠰ ᠭᠡᠷᠡ ᠶ᠋ᠢ ᠵᠦᠷᠢᠴᠡᠭᠰᠡᠨ ᠢᠯᠡᠴᠢᠯᠡᠨ ᠮᠡᠳᠡᠭᠦᠯᠦᠯᠲᠡ ᠶ᠋ᠢ ᠲᠤᠰᠴᠤ ᠠᠪᠤᠪᠠᠯ ᠂ ᠲᠠᠨ ᠳ᠋ᠤ ᠮᠡᠳᠡᠭᠳᠡᠬᠦ ᠦᠭᠡᠢ ᠪᠠᠷ ᠬᠠᠮᠢᠶᠠ ᠪᠦᠬᠦᠢ ᠠᠭᠤᠯᠭᠠ ᠶ᠋ᠢ ᠬᠠᠰᠤᠬᠤ ᠂ ᠦᠢᠯᠡ ᠶᠠᠪᠤᠳᠠᠯ ᠤᠨ ᠬᠦᠨᠳᠦ ᠬᠦᠩᠭᠡᠨ ᠪᠠᠶᠢᠳᠠᠯ ᠢ ᠦᠨᠳᠦᠰᠦᠯᠡᠵᠦ ᠳᠦᠷᠢᠮ ᠲᠤᠭᠳᠠᠭᠠᠯ ᠢ ᠵᠦᠷᠢᠴᠡᠭᠰᠡᠨ ᠳᠠᠩᠰᠠᠨ ᠳ᠋ᠤᠭᠠᠷ ᠢ ᠰᠡᠷᠡᠮᠵᠢᠯᠡᠬᠦᠯᠬᠦ ᠂ ᠬᠢᠵᠠᠭᠠᠷᠯᠠᠬᠤ ᠪᠤᠶᠤ ᠳᠠᠩᠰᠠᠨ ᠳ᠋ᠤᠭᠠᠷ ᠢ ᠵᠤᠭᠰᠤᠭᠠᠬᠤ ᠵᠡᠷᠭᠡ ᠡᠷᠬᠡ ᠲᠠᠢ ᠃
- 7.5.2 ᠠᠨᠢᠰᠤ ᠺᠤᠮᠫᠠᠨᠢ ᠬᠤᠯᠪᠤᠭᠳᠠᠯ ᠪᠦᠬᠦᠢ ᠬᠠᠤᠯᠢ ᠴᠠᠭᠠᠵᠠ ᠳᠦᠷᠢᠮ ᠲᠤᠭᠳᠠᠭᠠᠯ ᠪᠤᠯᠤᠨ ᠲᠤᠰ ᠭᠡᠷᠡ ᠶ᠋ᠢ ᠵᠦᠷᠢᠴᠡᠭᠰᠡᠨ ᠦᠢᠯᠡ ᠠᠵᠢᠯᠯᠠᠭᠠ ᠶ᠋ᠢ ᠰᠢᠢᠳᠪᠦᠷᠢᠯᠡᠬᠦ ᠡᠷᠬᠡ ᠲᠠᠢ ᠃ ᠬᠠᠤᠯᠢ ᠴᠠᠭᠠᠵᠠ ᠳᠦᠷᠢᠮ ᠲᠤᠭᠳᠠᠭᠠᠯ ᠢ ᠵᠦᠷᠢᠴᠡᠭᠰᠡᠨ ᠬᠡᠷᠡᠭᠯᠡᠭᠴᠢ ᠶ᠋ᠢᠨ ᠬᠤᠯᠪᠤᠭᠳᠠᠯ ᠪᠦᠬᠦᠢ ᠮᠡᠳᠡᠭᠡ ᠵᠠᠩᠭᠢ ᠶ᠋ᠢ ᠬᠠᠮᠢᠶᠠ ᠪᠦᠬᠦᠢ ᠪᠠᠢᠭᠤᠯᠭᠠ ᠨᠢᠭᠡᠴᠢ ᠳ᠋ᠤ ᠮᠡᠳᠡᠭᠦᠯᠵᠦ ᠂ ᠡᠭᠦᠨ ᠡᠴᠠ ᠪᠣᠯᠵᠤ ᠡᠭᠦᠰᠬᠦ ᠬᠠᠤᠯᠢ ᠶ᠋ᠢᠨ ᠬᠠᠷᠢᠭᠤᠴᠠᠯᠭᠠ ᠶ᠋ᠢ ᠬᠡᠷᠡᠭᠯᠡᠭᠴᠢ ᠭᠠᠭᠴᠠᠭᠠᠷ ᠡᠭᠦᠷᠭᠡᠯᠡᠨᠡ ᠃
- 7.5.3 ᠲᠠ ᠲᠤᠰ ᠭᠡᠷᠡ ᠪᠤᠶᠤ ᠬᠠᠮᠢᠶᠠ ᠪᠦᠬᠦᠢ ᠦᠢᠯᠡᠴᠢᠯᠡᠭᠡᠨ ᠤ ᠵᠤᠷᠪᠤᠰ ᠤᠨ ᠳᠦᠷᠢᠮ ᠲᠤᠭᠳᠠᠭᠠᠯ ᠢ ᠵᠦᠷᠢᠴᠡᠭᠰᠡᠨ ᠡᠴᠠ ᠪᠣᠯᠵᠤ ᠂ ᠭᠤᠷᠪᠠᠳᠠᠭᠴᠢ ᠲᠠᠯᠠ ᠡᠴᠠ ᠰᠠᠨᠠᠭᠠᠴᠢᠯᠠᠭᠰᠠᠨ ᠶᠠᠮᠠᠷᠪᠠ ᠲᠦᠯᠦᠭᠦᠯᠬᠦ ᠵᠦᠢᠯ ᠂ ᠱᠠᠭᠠᠷᠳᠠᠯᠭᠠ ᠪᠤᠶᠤ ᠬᠤᠬᠢᠷᠠᠯ ᠢ ᠭᠠᠭᠴᠠᠭᠠᠷ ᠡᠭᠦᠷᠭᠡᠯᠡᠨᠡ ᠃ ᠡᠭᠦᠨ ᠡᠴᠠ ᠪᠤᠯᠵᠤ ᠠᠨᠢᠰᠤ ᠺᠤᠮᠫᠠᠨᠢ ᠬᠤᠷᠬᠢᠷᠠᠯ ᠳ᠋ᠤ ᠤᠴᠠᠷᠠᠪᠠᠯ ᠂ ᠲᠠ ᠪᠠᠰᠠ ᠬᠠᠷᠢᠭᠤᠴᠠᠯᠭᠠ ᠡᠭᠦᠷᠭᠡᠯᠡᠬᠦ ᠶᠤᠰᠤᠲᠠᠢ ᠃
- 8. ᠤᠶᠤᠨ ᠤ ᠥᠮᠴᠢ ᠶ᠋ᠢᠨ ᠡᠷᠬᠡ ᠶ᠋ᠢᠨ ᠲᠤᠬᠠᠢ ᠢᠯᠡᠷᠬᠡᠶᠢᠯᠡᠯᠲᠡ
- 8.1 ᠠᠨᠢᠰᠤ ᠺᠤᠮᠫᠠᠨᠢ ᠪᠣᠯ ᠲᠤᠰ ᠰᠤᠹᠲ ᠶ᠋ᠢᠨ ᠤᠶᠤᠨ ᠤ ᠥᠮᠴᠢ ᠶ᠋ᠢᠨ ᠡᠷᠬᠡ ᠶ᠋ᠢᠨ ᠡᠷᠬᠡᠲᠦ ᠬᠦᠮᠦᠨ ᠃ ᠲᠤᠰ ᠰᠤᠹᠲ ᠶ᠋ᠢᠨ ᠠᠯᠢᠪᠠ ᠵᠤᠬᠢᠶᠠᠨ ᠪᠦᠲᠦᠭᠡᠬᠦ ᠡᠷᠬᠡ ᠂ ᠪᠠᠷᠠᠭᠠᠨ ᠤ ᠳᠡᠮᠳᠡᠭ ᠤᠨ ᠡᠷᠬᠡ ᠂ ᠲᠤᠰᠬᠠᠢ ᠠᠰᠢᠭ ᠤᠨ ᠡᠷᠬᠡ ᠂ ᠬᠤᠳᠠᠯᠳᠤᠭᠠᠨ ᠤ ᠨᠢᠭᠤᠴᠠ ᠵᠡᠷᠭᠡ ᠤᠶᠤᠨ ᠤ ᠥᠮᠴᠢ ᠶ᠋ᠢᠨ ᠡᠷᠬᠡ ᠪᠤᠯᠤᠨ ᠲᠤᠰ ᠰᠤᠹᠲ ᠲᠠᠢ ᠬᠤᠯᠪᠤᠭᠳᠠᠯ ᠪᠦᠬᠦᠢ ᠮᠡᠳᠡᠭᠡ ᠵᠠᠩᠭᠢ ︵ ᠦᠰᠦᠭ ᠪᠢᠴᠢᠭ ᠂ ᠵᠢᠷᠤᠭ ᠰᠡᠭᠦᠳᠡᠷ ᠂ ᠳᠠᠭᠣ ᠂ ᠳᠦᠷᠰᠦ ᠪᠢᠴᠢᠯᠭᠡ ᠂ ᠵᠢᠷᠤᠭ ᠤᠨ ᠬᠦᠰᠦᠨᠦᠭᠲᠦ ᠂ ᠳᠡᠯᠭᠡᠴᠡ ᠶ᠋ᠢᠨ ᠲᠥᠰᠦᠪ ᠂ ᠬᠡᠪᠯᠡᠯ ᠤᠨ ᠲᠤᠶᠢᠮᠤ ᠂ ᠬᠠᠮᠢᠶᠠ ᠪᠦᠬᠦᠢ ᠲᠣᠭᠠ ᠪᠦᠷᠢᠳᠬᠡᠯ ᠵᠡᠷᠭᠡ ︶ ᠴᠦᠮ ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ ᠤᠨ ᠬᠠᠣᠯᠢ ᠴᠠᠭᠠᠵᠠ ᠳᠦᠷᠢᠮ ᠲᠤᠭᠳᠠᠭᠠᠯ ᠪᠤᠯᠤᠨ ᠬᠤᠯᠪᠤᠭᠳᠠᠯ ᠪᠦᠬᠦᠢ ᠤᠯᠠᠨ ᠤᠯᠤᠰ ᠤᠨ ᠭᠡᠷᠡ ᠳ᠋ᠤ ᠬᠠᠮᠠᠭᠠᠯᠠᠭᠳᠠᠵᠤ ᠂ ᠠᠨᠢᠰᠤ ᠺᠤᠮᠫᠠᠨᠢ ᠳᠡᠭᠡᠷᠡ ᠳᠤᠷᠠᠳᠤᠭᠰᠠᠨ ᠤᠶᠤᠨ ᠤ ᠥᠮᠴᠢ ᠶ᠋ᠢᠨ ᠡᠷᠬᠡ ᠶ᠋ᠢ ᠡᠳ᠋ᠯᠡᠨᠡ ᠃
- 8.2 ᠠᠨᠢᠰᠤ ᠺᠤᠮᠫᠠᠨᠢ ᠪᠤᠯᠤᠨ ᠬᠤᠯᠪᠤᠭᠳᠠᠯ ᠪᠦᠬᠦᠢ ᠡᠷᠬᠡᠲᠦ ᠬᠦᠮᠦᠨ ᠤ ᠵᠦᠪᠰᠢᠶᠡᠷᠡᠯ ᠦᠭᠡᠢ ᠪᠠᠷ ᠲᠠ ᠶᠠᠮᠠᠷᠪᠠ ᠬᠤᠳᠠᠯᠳᠤᠭᠠᠨ ᠤ ᠪᠤᠶᠤ ᠬᠤᠳᠠᠯᠳᠤᠭᠠᠨ ᠤ ᠪᠣᠰᠤ ᠵᠣᠷᠢᠯᠭᠠ ᠪᠠᠷ ᠦᠪᠡᠷᠲᠡᠭᠡᠨ ᠪᠤᠶᠤ ᠭᠤᠷᠪᠠᠳᠠᠭᠴᠢ ᠲᠠᠯᠠ ᠪᠠᠷ ᠳᠡᠭᠡᠷᠡᠬᠢ ᠳᠤᠷᠠᠳᠤᠭᠰᠠᠨ ᠤᠶᠤᠨ ᠤ ᠥᠮᠴᠢ ᠶ᠋ᠢᠨ ᠡᠷᠬᠡ ᠶ᠋ᠢ ᠬᠡᠷᠡᠭᠵᠢᠬᠦᠯᠬᠦ ᠂ ᠠᠰᠢᠭᠯᠠᠬᠤ ᠪᠤᠶᠤ ᠰᠢᠯᠵᠢᠬᠦᠯᠵᠦ ᠪᠣᠯᠬᠤ ᠦᠬᠡᠢ ᠃
- 9. ᠠᠮᠤᠷ ᠲᠦᠪᠰᠢᠨ ᠤ ᠬᠠᠷᠢᠭᠤᠴᠠᠯᠭᠠ
- 9.1 ︽ ANDA Club ︾ ᠪᠤᠰᠤᠳ ᠰᠦᠯᠵᠢᠶᠡᠨ ᠤ ᠰᠤᠹᠲ ᠲᠠᠢ ᠠᠳᠠᠯᠢ ᠤᠯᠠᠨ ᠲᠦᠷᠦᠯ ᠤᠨ ᠰᠢᠯᠳᠠᠭᠠᠨ ᠳ᠋ᠤ ᠨᠦᠯᠦᠭᠡᠯᠡᠭᠳᠡᠬᠦ ᠪᠤᠯᠤᠯᠴᠠᠭᠠ ᠲᠠᠢ ︵ ᠬᠡᠷᠡᠭᠯᠡᠭᠴᠢ ᠶ᠋ᠢᠨ ᠰᠢᠯᠲᠠᠭᠠᠨ ᠂ ᠰᠦᠯᠵᠢᠶᠡᠨ ᠤ ᠦᠢᠯᠡᠴᠢᠯᠡᠭᠡᠨ ᠤ ᠴᠢᠨᠠᠷ ᠴᠢᠨᠰᠠᠭᠠ ᠂ ᠨᠡᠶ᠋ᠢᠭᠡᠮ ᠤᠨ ᠣᠷᠴᠢᠨ ᠵᠡᠷᠭᠡ ᠰᠢᠯᠲᠠᠭᠠᠨ ᠪᠠᠭᠲᠠᠬᠤ ᠪᠤᠯᠪᠠᠴᠤ ᠡᠭᠦᠨ ᠢᠶᠠᠷ ᠬᠢᠵᠠᠭᠠᠷᠯᠠᠬᠤ ᠦᠬᠡᠢ ︶ ᠃ ᠪᠠᠰᠠ ᠡᠯᠡ ᠵᠦᠢᠯ ᠤᠨ ᠠᠮᠤᠷ ᠲᠦᠪᠰᠢᠨ ᠤ ᠠᠰᠠᠭᠤᠳᠠᠯ ᠲᠤᠯᠭᠠᠷᠠᠬᠤ ᠪᠤᠯᠤᠯᠴᠠᠭᠠ ᠲᠠᠢ ︵ ᠪᠤᠰᠤᠳ ᠬᠦᠮᠦᠨ ᠬᠠᠤᠯᠢ ᠪᠤᠰᠤ ᠪᠠᠷ ᠬᠡᠷᠡᠭᠯᠡᠭᠴᠢ ᠶ᠋ᠢᠨ ᠮᠠᠲ᠋ᠧᠷᠢᠶᠠᠯ ᠢ ᠠᠰᠢᠭᠯᠠᠵᠤ ᠪᠤᠳᠠᠳᠤ ᠠᠮᠢᠳᠤᠷᠠᠯ ᠢ ᠨᠢ ᠦᠢᠮᠡᠬᠦᠯᠬᠦ ᠂ ᠬᠡᠷᠡᠭᠯᠡᠭᠴᠢ ᠶ᠋ᠢᠨ ᠪᠠᠭᠤᠯᠭᠠᠭᠰᠠᠨ ᠪᠤᠰᠤᠳ ᠰᠤᠹᠲ ᠪᠤᠶᠤ ᠨᠡᠪᠲᠡᠷᠡᠭᠰᠡᠨ ᠪᠤᠰᠤᠳ ᠰᠦᠯᠵᠢᠶᠡᠨ ᠤ ᠦᠷᠲᠡᠭᠡᠨ ᠳ᠋ᠤ ᠸᠢᠷᠦ᠋ᠰ ᠪᠠᠶ᠋ᠢᠵᠤ ᠂ ᠲᠠᠨ ᠤ ᠲᠤᠨᠤᠭ ᠲᠦᠭᠦᠭᠡᠷᠦᠮᠵᠢ ᠶ᠋ᠢᠨ ᠮᠡᠳᠡᠭᠡ ᠵᠠᠩᠭᠢ ᠪᠤᠯᠤᠨ ᠲᠣᠭᠠ ᠪᠦᠷᠢᠳᠬᠡᠯ ᠢ ᠰᠦᠷᠳᠡᠭᠦᠯᠵᠦ ᠂ ANDA Club ᠢ ᠬᠡᠪ ᠢᠶᠠᠷ ᠬᠡᠷᠡᠭᠯᠡᠬᠦ ᠶ᠋ᠢ ᠨᠦᠯᠦᠭᠡᠯᠡᠬᠦ ᠵᠡᠷᠭᠡ ︶ ᠃ ᠡᠶ᠋ᠢᠮᠦ ᠡᠴᠠ ᠂ ᠲᠠ ᠬᠤᠪᠢ ᠶ᠋ᠢᠨ ᠮᠡᠳᠡᠭᠡ ᠵᠠᠩᠭᠢ ᠪᠠᠨ ᠬᠠᠮᠠᠭᠠᠯᠠᠬᠤ ᠤᠬᠠᠮᠰᠠᠷ ᠢᠶᠡᠨ ᠴᠢᠩᠭᠠᠳᠬᠠᠵᠤ ᠂ ᠨᠢᠭᠤᠴᠠ ᠦᠭᠡ ᠪᠠᠨ ᠬᠠᠮᠠᠭᠠᠯᠠᠬᠤ ᠶ᠋ᠢ ᠴᠢᠬᠤᠯᠠᠴᠢᠯᠠᠬᠤ ᠬᠡᠷᠡᠭᠲᠡᠢ ᠃
- 9.2 ᠲᠠ ᠪᠤᠰᠤᠳ ᠤᠨ ANDA Club ᠳ᠋ᠣᠭᠠᠷ ᠂ ᠬᠤᠪᠢ ᠶ᠋ᠢᠨ ᠮᠡᠳᠡᠭᠡ ᠵᠠᠩᠭᠢ ᠂ ᠡᠳ᠋ ᠬᠦᠷᠦᠩᠭᠡ ᠶ᠋ᠢ ᠬᠣᠯᠠᠭᠠᠶᠢᠯᠠᠬᠣ ᠫᠷᠤᠭᠷᠠᠮ ᠢ ᠦᠢᠯᠡᠳᠬᠦ ᠂ ᠨᠡᠶ᠋ᠢᠲᠡᠯᠡᠬᠦ ᠂ ᠬᠡᠷᠡᠭᠯᠡᠬᠦ ᠪᠤᠶᠤ ᠲᠠᠷᠬᠠᠭᠠᠵᠤ ᠪᠤᠯᠬᠤ ᠦᠬᠡᠢ ᠃
- 9.3 ᠰᠣᠹᠲ ᠤᠨ ᠠᠮᠤᠷ ᠲᠦᠪᠰᠢᠨ ᠪᠤᠯᠤᠨ ᠬᠡᠪ ᠢᠶᠠᠷ ᠬᠡᠷᠡᠭᠯᠡᠭᠳᠡᠬᠦ ᠶ᠋ᠢ ᠬᠠᠮᠠᠭᠠᠯᠠᠬᠤ ᠪᠣᠯ ᠲᠠ ᠪᠢᠳᠡᠨ ᠤ ᠬᠠᠮᠲᠤ ᠶ᠋ᠢᠨ ᠬᠠᠷᠢᠭᠤᠴᠠᠯᠭᠠ ᠪᠤᠯᠤᠨᠠ ᠃
- 9.4 ᠶᠠᠮᠠᠷᠪᠠ ᠪᠠᠶ᠋ᠢᠳᠠᠯ ᠳ᠋ᠤ ᠂ ᠲᠠᠨ ᠡᠴᠠ ᠵᠤᠭᠤᠰ ᠮᠦᠩᠭᠦ ᠵᠢᠭᠡᠯᠡᠬᠦ ᠂ ᠨᠢᠭᠤᠴᠠ ᠦᠭᠡ ᠠᠪᠬᠤ ᠪᠤᠶᠤ ᠪᠤᠰᠤᠳ ᠡᠳ᠋ ᠬᠦᠷᠦᠩᠭᠡ ᠲᠠᠢ ᠬᠤᠯᠪᠤᠭᠳᠠᠬᠤ ᠰᠦᠯᠵᠢᠶᠡᠨ ᠤ ᠮᠡᠳᠡᠭᠡ ᠵᠠᠩᠭᠢ ᠶ᠋ᠢ ᠢᠳᠡᠭᠡᠵᠦ ᠪᠣᠯᠬᠤ ᠦᠬᠡᠢ ᠃
- 10. ᠭᠤᠷᠪᠠᠳᠠᠭᠴᠢ ᠲᠠᠯᠠ ᠶ᠋ᠢᠨ ᠰᠤᠹᠲ ᠪᠤᠶᠤ ᠮᠡᠷᠭᠡᠵᠢᠯ
- 10.1 ︽ ANDA Club ︾ ᠭᠤᠷᠪᠠᠳᠠᠭᠴᠢ ᠲᠠᠯᠠ ᠶ᠋ᠢᠨ ᠰᠤᠹᠲ ᠪᠤᠯᠤᠨ ᠮᠡᠷᠭᠡᠵᠢᠯ ᠢ ᠬᠡᠷᠡᠭᠯᠡᠬᠦ ᠪᠤᠯᠤᠮᠵᠢ ᠲᠠᠢ ︵ ︽ ANDA Club ︾ ᠲᠤ ᠬᠡᠷᠡᠭᠯᠡᠭᠳᠡᠬᠦ ᠪᠤᠯᠤᠮᠵᠢ ᠲᠠᠢ ᠨᠡᠭᠡᠭᠡᠯᠳᠡᠳᠦ ᠺᠤᠳ᠋ ᠪᠤᠶᠤ ᠨᠡᠶᠢᠲᠡ ᠶ᠋ᠢᠨ ᠬᠦᠷᠢᠶᠡ ᠴᠠᠷᠠᠭᠠᠨ ᠤ ᠺᠤᠳ᠋ ᠵᠡᠷᠭᠡ ︶ ᠂ ᠡᠶ᠋ᠢᠮᠦᠷᠬᠦᠤ ᠬᠡᠷᠡᠭᠯᠡᠬᠡ ᠨᠢ ᠨᠢᠭᠡᠨᠲᠡ ᠬᠠᠤᠯᠢ ᠶᠤᠰᠤᠨ ᠤ ᠡᠷᠬᠡ ᠶ᠋ᠢ ᠣᠯᠵᠠᠢ ᠃
- 10.2 ︽ ANDA Club ︾ ᠲᠠᠬᠢ ᠭᠤᠷᠪᠠᠳᠠᠭᠴᠢ ᠲᠠᠯᠠ ᠶ᠋ᠢᠨ ᠰᠤᠹᠲ ᠪᠤᠶᠤ ᠮᠡᠷᠭᠡᠵᠢᠯ ᠡᠴᠠ ᠪᠣᠯᠵᠤ ᠡᠭᠦᠰᠦᠭᠰᠡᠨ ᠶᠠᠮᠠᠷᠪᠠ ᠵᠢᠭᠤᠷᠠᠯᠳᠤᠭᠠᠨ ᠢ ᠭᠤᠷᠪᠠᠳᠠᠭᠴᠢ ᠲᠠᠯᠠ ᠬᠠᠷᠢᠭᠤᠴᠠᠵᠤ ᠰᠢᠢᠳᠪᠦᠷᠢᠯᠡᠨᠡ ᠂ ᠠᠨᠢᠰᠤ ᠺᠤᠮᠫᠠᠨᠢ ᠡᠴᠠ ᠬᠠᠷᠢᠭᠤᠴᠠᠯᠭᠠ ᠡᠭᠦᠷᠭᠡᠯᠡᠬᠦ ᠦᠬᠡᠢ ᠃ ᠠᠨᠢᠰᠤ ᠺᠤᠮᠫᠠᠨᠢ ᠭᠤᠷᠪᠠᠳᠠᠭᠴᠢ ᠲᠠᠯᠠ ᠶ᠋ᠢᠨ ᠰᠤᠹᠲ ᠪᠤᠶᠤ ᠮᠡᠷᠭᠡᠵᠢᠯ ᠳ᠋ᠤ ᠦᠢᠯᠡᠴᠢᠯᠡᠭᠡ ᠬᠠᠩᠭᠠᠬᠤ ᠦᠬᠡᠢ ᠂ ᠬᠡᠷᠪᠡ ᠲᠠ ᠲᠤᠰᠠᠯᠠᠮᠵᠢ ᠭᠤᠶᠤᠬᠤ ᠭᠡᠪᠡᠯ ᠭᠤᠷᠪᠠᠳᠠᠭᠴᠢ ᠲᠠᠯᠠ ᠲᠠᠢ ᠬᠠᠷᠢᠯᠴᠠᠨᠠ ᠃
- 11. ᠪᠤᠰᠤᠳ ᠵᠦᠢᠯ
- 11.1 ᠲᠤᠰ ᠭᠡᠷᠡ ᠶ᠋ᠢᠨ ᠬᠠᠮᠤᠭ ᠰᠡᠭᠦᠯᠴᠢ ᠶ᠋ᠢᠨ ᠲᠠᠶᠢᠯᠪᠣᠷᠢᠯᠠᠬᠣ ᠡᠷᠬᠡ ᠠᠨᠢᠰᠤ ᠺᠤᠮᠫᠠᠨᠢ ᠳ᠋ᠤ ᠬᠠᠷᠢᠶᠠᠯᠠᠭᠳᠠᠨᠠ ᠃
- 11.2 ᠶᠠᠮᠠᠷ ᠨᠢᠭᠡ ᠰᠢᠯᠲᠠᠭᠠᠨ ᠡᠴᠠ ᠪᠤᠯᠵᠤ ᠲᠤᠰ ᠭᠡᠷᠡ ᠶ᠋ᠢᠨ ᠵᠠᠷᠢᠮ ᠬᠡᠰᠡᠭ ᠨᠢ ᠬᠦᠴᠦᠨ ᠦᠭᠡᠢ ᠪᠣᠯᠬᠤ ᠦᠶᠡᠰ ᠂ ᠪᠤᠰᠤᠳ ᠬᠡᠰᠡᠭ ᠨᠢ ᠦᠷᠬᠦᠯᠵᠢᠯᠡᠨ ᠬᠦᠴᠦᠨ ᠲᠠᠢ ᠃
- 11.3 ᠲᠤᠰ ᠭᠡᠷᠡ ᠶ᠋ᠢᠨ ᠡᠯᠡ ᠵᠤᠷᠪᠤᠰ ᠤᠨ ᠭᠠᠷᠴᠠᠭ ᠨᠢ ᠵᠦᠪᠬᠡᠨ ᠤᠩᠰᠢᠬᠤ ᠳ᠋ᠤ ᠳᠦᠭᠦᠮ ᠪᠤᠯᠭᠠᠬᠤ ᠶ᠋ᠢᠨ ᠲᠦᠯᠦᠭᠡ ᠂ ᠭᠡᠷᠡ ᠶ᠋ᠢ ᠲᠠᠶᠢᠯᠪᠣᠷᠢᠯᠠᠬᠣ ᠳ᠋ᠤ ᠪᠠᠷᠢᠮᠲᠠ ᠪᠤᠯᠬᠤ ᠦᠭᠡᠢ ᠃
- ᠦᠪᠦᠷ ᠮᠤᠩᠭᠤᠯ ᠤᠨ ᠠᠨᠢᠰᠤ ᠰᠢᠨᠵᠢᠯᠡᠭᠡ ᠮᠡᠷᠭᠡᠵᠢᠯ ᠤᠨ ᠪᠡᠯᠡ ᠤᠷᠤᠭᠤᠯᠤᠯᠳᠠ ᠬᠢᠵᠠᠭᠠᠷᠲᠤ ᠺᠤᠮᠫᠠᠨᠢ